ᠲᠣᠪᠴᠢᠨᠪᠠᠯᠵᠤᠤᠷ ( 1920-1946 )
ᠨᠡᠶᠢᠲᠡᠯᠡᠭᠰᠡᠨ ᠴᠠᠭ᠄
2024/6/15
ᠲᠣᠪᠴᠢᠨᠪᠠᠯᠵᠤᠤᠷ ( 1920-1946 )      ᠲᠣᠪᠴᠢᠨᠪᠠᠯᠵᠤᠤᠷ ᠂ ᠪᠠᠰᠠ ᠪᠣᠣ ᠸᠧᠢ ᠱᠠᠨ ᠭᠡᠳᠡᠭ ᠂ ᠡᠷᠡᠭᠲᠡᠶ ᠂ ᠮᠣᠩᠭᠣᠯ ᠦᠨᠳᠦᠰᠦᠲᠡᠨ ᠂ 1920 ᠣᠨ ᠳᠤ ᠬᠡᠰᠢᠭᠲᠡᠨ ᠬᠣᠰᠢᠭᠤᠨ ᠤ ᠲᠢᠶᠠᠨ ᠱᠧᠩ ᠬᠤᠤ ᠰᠤᠮᠤ ᠶᠢᠨ ᠮᠡᠯᠡᠬᠡᠶᠢᠲᠦ ᠭᠠᠴᠠᠭᠠᠨ ᠳᠦ ᠲᠥᠷᠥᠵᠡᠢ᠃ ᠡᠴᠢᠭᠡ ᠢᠷᠦᠭᠡᠯᠲᠦ ᠨᠢ ᠮᠣᠩᠭᠣᠯ ᠬᠢᠲᠠᠳ ᠬᠡᠯᠡ ᠳᠦ ᠴᠠᠭᠠᠷᠠᠭᠰᠠᠨ ᠰᠡᠬᠡᠭᠡᠲᠡᠨ ᠪᠠᠶᠢᠵᠠᠢ᠃ 1930 ᠣᠨ ᠳᠤ  ᠲᠣᠪᠴᠢᠨᠪᠠᠯᠵᠤᠤᠷ ᠬᠡᠰᠢᠭᠲᠡᠨ ᠬᠣᠰᠢᠭᠤᠨ ᠤ ᠨᠢᠭᠡᠳᠦᠭᠡᠷ ᠪᠦᠷᠢᠨ ᠪᠠᠭ᠎ᠠ ᠰᠤᠷᠭᠠᠭᠤᠯᠢ ᠳᠤ ᠨᠣᠮ ᠤᠩᠰᠢᠵᠤ ᠂ 1935 ᠣᠨ ᠳᠤ ᠸᠠᠩ ᠤᠨ ᠰᠦᠮ᠎ᠡ ᠶᠢᠨ ᠬᠢᠩᠭᠠᠨ ᠳᠡᠭᠡᠳᠦ ᠰᠤᠷᠭᠠᠭᠤᠯᠢ ᠳᠤ ᠰᠢᠯᠭᠠᠭᠤᠯᠤᠨ ᠣᠷᠣᠵᠤ ᠂ 1938 ᠣᠨ ᠳᠤ ᠤᠯᠤᠰ ᠪᠠᠶᠢᠭᠤᠯᠬᠤ ᠶᠡᠬᠡ ᠰᠤᠷᠭᠠᠭᠤᠯᠢ ᠳᠤ ᠣᠷᠣᠵᠤ᠂ ᠲᠡᠭᠦᠰᠦᠭᠰᠡᠨ ᠦ ᠲᠠᠷᠠᠭ᠎ᠠ ᠪᠠᠰᠠ ᠳ᠋ᠠᠲ᠋ᠦ᠋ᠩ ᠳᠡᠭᠡᠳᠦ ᠰᠤᠷᠭᠠᠭᠤᠯᠢ ᠳᠤ ᠰᠤᠷᠤᠯᠴᠠᠵᠠᠢ᠃ ᠲᠡᠷᠡ ᠦᠷᠭᠦᠯᠵᠢ ᠶᠠᠨ ᠠᠨ ᠤ ᠰᠢᠨᠬᠤᠸᠠ ᠷᠠᠳᠢᠣ᠋ ᠨᠡᠪᠲᠡᠷᠡᠭᠦᠯᠭᠡ ᠶᠢᠨ ᠬᠤᠷᠢᠶᠠᠨ ᠤ ᠷᠠᠳᠢᠣ᠋ ᠨᠡᠪᠲᠡᠷᠡᠭᠦᠯᠭᠡ ᠶᠢ ᠨᠢᠭᠤᠴᠠ ᠪᠠᠷ ᠰᠣᠨᠣᠰᠴᠤ᠂  ᠳᠠᠷᠠᠭ᠎ᠠ ᠨᠢ ᠬᠡᠳᠦᠨ ᠬᠠᠮᠲᠤ ᠰᠤᠷᠤᠭᠴᠢ ᠲᠠᠢ ᠪᠠᠨ ᠮᠣᠩᠭᠣᠯ ᠰᠤᠷᠤᠭᠴᠢᠳ ᠤᠨ ᠡᠪᠯᠡᠯ ᠪᠠᠶᠢᠭᠤᠯᠵᠠᠢ᠃ 1943 ᠣᠨ ᠳᠤ ᠰᠤᠷᠭᠠᠭᠤᠯᠢ ᠲᠡᠭᠦᠰᠴᠦ᠂ ᠸᠠᠩ ᠤᠨ ᠰᠦᠮ᠎ᠡ ( ᠤᠯᠠᠭᠠᠨᠬᠣᠲᠠ ) ᠳᠤ  ᠬᠦᠴᠦ ᠬᠢᠩᠭᠠᠨ ᠳᠡᠭᠡᠳᠦ ᠰᠤᠷᠭᠠᠭᠤᠯᠢ ᠳᠤ ᠪᠠᠭᠰᠢᠯᠠᠵᠠᠢ᠃ ᠶᠠᠫᠣᠨ ᠪᠠᠭᠤᠵᠤ ᠥᠭᠭᠦᠭᠰᠡᠨ ᠦ ᠳᠠᠷᠠᠭ᠎ᠠ᠂ 1946 ᠣᠨ ᠤ 1 ᠰᠠᠷ᠎ᠠ ᠳᠤ ᠂ ᠵᠡᠭᠦᠨ ᠮᠣᠩᠭᠣᠯ ᠤᠨ ᠥᠪᠡᠷᠲᠡᠭᠡᠨ ᠵᠠᠰᠠᠬᠤ ᠵᠠᠰᠠᠭ ᠤᠨ ᠣᠷᠳᠣᠨ ᠪᠠᠶᠢᠭᠤᠯᠤᠭᠳᠠᠬᠤ ᠶᠡᠬᠡ ᠬᠤᠷᠠᠯ ᠳᠤ ᠤᠷᠤᠯᠴᠠᠵᠤ ᠂ ᠵᠠᠰᠠᠭ ᠤᠨ ᠣᠷᠳᠣᠨ ᠤ ᠠᠯᠪᠠᠨ ᠲᠢᠩᠬᠢᠮ ᠦᠨ ᠠᠵᠢᠯᠲᠠᠨ ᠤ ᠶᠠᠪᠤᠳᠠᠯ ᠤᠨ ᠰᠠᠯᠠᠭᠠᠨ ᠳᠠᠷᠤᠭ᠎ᠠ  ᠪᠤᠯᠵᠠᠢ ᠃ ᠴᠧᠩᠳ᠋ᠧ ᠶᠢᠨ 《 ᠲᠦᠷᠪᠡᠨ ᠰᠠᠷ᠎ᠠ ᠶᠢᠨ ᠭᠤᠷᠪᠠᠨ 》 ᠤ ᠬᠤᠷᠠᠯ ᠠᠴᠠ ᠰᠡᠭᠦᠯᠡᠷ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠤᠯᠭ᠎ᠠ ᠶᠢ ᠰᠠᠨᠠᠭᠠᠴᠢᠯᠠᠭ᠎ᠠ ᠠᠴᠠ ᠪᠠᠨ ᠬᠦᠯᠢᠶᠡᠵᠦ ᠂ 5 ᠰᠠᠷ᠎ᠠ ᠳᠤ ᠵᠣᠣ  ᠠᠶᠢᠮᠠᠭ ᠲᠤ ᠠᠵᠢᠯ ᠰᠢᠯᠵᠢᠭᠦᠯᠵᠦ᠂ ᠥᠪᠥᠷ ᠮᠣᠩᠭᠣᠯ ᠤᠨ ᠥᠪᠡᠷᠲᠡᠭᠡᠨ ᠵᠠᠰᠠᠬᠤ ᠬᠥᠳᠡᠯᠭᠡᠭᠡᠨ ᠦ ᠬᠣᠯᠪᠣᠭᠠᠲᠤ ᠬᠤᠷᠠᠯ ᠤᠨ ᠠᠷᠤ ᠬᠣᠷᠴᠢᠨ ᠬᠣᠰᠢᠭᠤᠨ ᠤ ᠰᠠᠯᠪᠤᠷᠢ ᠬᠤᠷᠠᠯ ᠤᠨ ᠡᠷᠬᠢᠯᠡᠭᠴᠢ ᠶᠢᠨ ᠲᠤᠰᠢᠶᠠᠯ ᠢ ᠬᠠᠷᠢᠭᠤᠴᠠᠵᠤ᠂ ᠳᠤᠮᠳᠠᠳᠤ ᠤᠯᠤᠰ ᠤᠨ ᠡᠪ ᠬᠠᠮᠲᠤ ᠨᠠᠮ ᠳᠤ ᠡᠯᠰᠡᠭᠳᠡᠭᠰᠡᠨ ᠦ ᠳᠠᠷᠠᠭ᠎ᠠ ᠂ ᠮᠣᠩᠭᠣᠯ ᠬᠢᠲᠠᠳ ᠤᠨ ᠬᠣᠯᠪᠣᠭᠠᠲᠤ ᠴᠡᠷᠢᠭ ᠦᠨ ᠮᠣᠷᠢᠲᠤ ᠴᠡᠷᠢᠭ ᠦᠨ ᠳᠥᠷᠪᠡᠳᠦᠭᠡᠷ ᠳ᠋ᠢᠸᠢᠽᠢ ᠶᠢᠨ ᠭᠤᠴᠢᠨ ᠲᠠᠪᠤᠳᠤᠭᠠᠷ ᠬᠣᠷᠢᠶ᠎ᠠ ᠶᠢᠨ ᠤᠯᠤᠰ ᠲᠦᠷᠦ ᠶᠢᠨ ᠭᠡᠰᠢᠭᠦᠨ  ᠤ ᠲᠤᠰᠢᠶᠠᠯ ᠢ ᠬᠠᠷᠢᠭᠤᠴᠠᠵᠤ ᠪᠠᠶᠢᠪᠠ ᠃ ᠲᠡᠷᠡ ᠦᠷᠭᠦᠯᠵᠢ ᠠᠵᠢᠯᠯᠠᠬᠤ ᠳᠤᠭᠤᠶᠢᠯᠠᠩ  ᠢᠶᠠᠨ ᠳᠠᠭᠠᠭᠤᠯᠤᠨ ᠬᠠᠨᠰᠦᠮ᠎ᠡ ᠂  ᠰᠢᠷᠠᠲᠠᠯ᠎ᠠ ᠂ ᠤᠯᠠᠭᠠᠨ ᠰᠤᠮᠤ ᠵᠡᠷᠭᠡ ᠨᠤᠲᠤᠭ ᠢᠶᠠᠷ ᠬᠦᠨᠵᠡᠭᠡᠶᠢᠷᠡᠵᠦ ᠭᠠᠶᠢᠯᠢ ᠭᠤᠪᠴᠢᠭᠤᠷ ᠢ ᠬᠠᠰᠤᠵᠤ ᠂ ᠨᠠᠮ ᠤᠨ ᠦᠨᠳᠦᠰᠦᠲᠡᠨ ᠦ ᠲᠤᠬᠠᠢ ᠲᠦᠷᠦ ᠶᠢᠨ ᠪᠤᠳᠤᠯᠭ᠎ᠠ ᠶᠢ ᠤᠬᠠᠭᠤᠯᠵᠤ ᠪᠠᠶᠢᠵᠠᠢ᠃1946 ᠣᠨ ᠤ 9 ᠰᠠᠷ᠎ᠠ 10 ᠰᠠᠷ᠎ᠠ ᠶᠢᠨ ᠬᠤᠭᠤᠷᠤᠨᠳᠤ᠂ ᠭᠣᠮᠢᠨᠳᠠᠩ ᠤᠨ ᠴᠡᠷᠢᠭ  ᠴᠢᠯᠥᠭᠡᠯᠡᠭᠳᠡᠭᠰᠡᠨ ᠣᠷᠣᠨ ᠢ ᠳᠣᠪᠲᠣᠯᠵᠤ ᠂ ᠤᠯᠠᠭᠠᠨᠬᠠᠳᠠ ᠂ ᠲᠦᠩᠯᠢᠶᠣᠤ ᠂ ᠺᠠᠶᠢᠯᠦ ᠵᠡᠷᠭᠡ ᠭᠠᠵᠠᠷ ᠢ ᠡᠵᠡᠯᠡᠭᠰᠡᠨ ᠦ ᠳᠠᠷᠠᠭ᠎ᠠ᠂ ᠭᠤᠴᠢᠨ ᠲᠠᠪᠤᠳᠤᠭᠠᠷ ᠬᠣᠷᠢᠶ᠎ᠠ ᠶᠢᠨ ᠬᠣᠷᠢᠶᠠᠨ ᠳᠠᠷᠤᠭ᠎ᠠ  ᠡᠯᠳᠡᠩᠭᠡ ᠂ ᠰᠤᠮᠤᠨ ᠳᠠᠷᠤᠭ᠎ᠠ ᠠᠷᠪᠠᠨᠭ᠎ᠠ ᠪᠣᠯᠤᠨ ᠳᠡᠳᠡᠨ ᠦ ᠲᠦᠰᠢᠭ ᠲᠠᠷᠪᠠ  ᠯᠠᠮ᠎ᠠ( ᠡᠯᠳᠡᠩᠬᠡ ᠶᠢᠨ ᠠᠬ᠎ᠠ᠂ ᠲᠣᠮᠣ ᠮᠠᠯ ᠤᠨ ᠡᠵᠡᠨ )ᠳᠠᠯᠳᠠᠭᠤᠷ ᠺᠠᠶᠢᠯᠦ ᠶᠢᠨ ᠭᠣᠮᠢᠨᠳᠠᠩ ᠤᠨ ᠴᠡᠷᠢᠭ ᠦᠨ ᠯᠢ ᠱᠧᠤ ᠰᠢᠨ ᠲᠠᠢ ᠬᠣᠯᠪᠣᠭ᠎ᠠ ᠠᠪᠴᠤ ᠨᠢᠭᠤᠴᠠ ᠪᠠᠷ ᠬᠤᠤᠪᠢᠯᠳᠤᠨ ᠤᠷᠪᠠᠬᠤ ᠭᠡᠵᠡᠢ᠃ ᠲᠣᠪᠴᠢᠨᠪᠠᠯᠵᠤᠤᠷ ᠨᠢᠭᠡ ᠲᠠᠯ᠎ᠠ ᠪᠠᠷ ᠲᠡᠳᠡᠨ ᠲᠡᠶ ᠲᠡᠮᠡᠴᠡᠵᠦ᠂  ᠨᠥᠭᠥᠭᠡ ᠲᠠᠯ᠎ᠠ ᠪᠠᠷ ᠤᠯᠠᠨ ᠲᠦᠮᠡᠨ ᠢ ᠤᠬᠠᠭᠤᠯᠬᠤ ᠲᠡᠳᠡᠠ ᠦ ᠣᠪ ᠮᠡᠬᠡ ᠶᠢ ᠢᠯᠡᠴᠢᠯᠡᠵᠦ ᠪᠠᠶᠢᠵᠠᠢ᠃ 1946 ᠣᠨ ᠤ 10 ᠰᠠᠷ᠎ᠠ ᠳᠤ ᠲᠤᠰ ᠬᠣᠷᠢᠶᠠᠨ ᠤ 4  ᠳ᠋ᠦᠭᠡᠷ ᠰᠤᠮᠤᠨ ᠤ ᠰᠠᠯᠠᠭᠠᠨ ᠳᠠᠷᠤᠭ᠎ᠠ ᠠᠩᠰᠦᠬᠡ ᠪᠠᠭ ᠤᠨ ᠳᠠᠷᠤᠭ᠎ᠠ  ᠵᠢᠮᠪᠠ ᠬᠡᠰᠡᠭ ᠪᠠᠶᠢᠯᠳᠤᠭᠴᠢ ᠳᠠᠭᠠᠭᠤᠯᠤᠨ ᠠᠷᠤ ᠬᠡᠷ ᠢᠶᠡᠨ ᠡᠷᠭᠢᠵᠦ ᠦᠵᠡᠬᠦ ᠪᠡᠷ ᠢᠷᠡᠭᠡᠳ ᠂ ᠵᠣᠰᠣᠲᠤ  ᠠᠶᠢᠮᠠᠭ ᠤᠨ ᠴᠤᠪᠤᠭ᠎ᠠ ᠠᠩᠭᠢ ᠶᠢ ᠳᠡᠭᠡᠷᠡᠮᠳᠡᠵᠦ ᠲᠡᠷᠭᠡᠨ ᠠᠩᠭᠢ ᠂ ᠡᠳ᠋ ᠪᠤᠳᠠᠰ ᠢ ᠪᠤᠯᠢᠶᠠᠵᠤ ᠂ ᠰᠠᠯᠠᠭᠠᠨ ᠳᠠᠷᠤᠭ᠎ᠠ ᠲᠡᠮᠦᠷ ᠵᠡᠷᠭᠡ 13 ᠬᠥᠮᠦᠨ ᠢ ᠬᠠᠷᠭᠢᠰ ᠬᠡᠷᠴᠡᠭᠡᠶ ᠪᠡᠷ ᠬᠣᠣᠷᠯᠠᠨ ᠬᠢᠳᠤᠵᠤ ᠬᠥᠮᠦᠨ ᠢ ᠰᠣᠴᠢᠭᠠᠮ᠎ᠠ ᠶᠣᠣ ᠵᠢᠶᠠ ᠳᠤᠸᠠᠨ ᠤ ᠬᠠᠷᠠᠰᠠᠯᠳᠤ ᠬᠡᠷᠡᠭ ᠢ ᠭᠠᠷᠭᠠᠵᠠᠶ ᠃ ᠬᠡᠷᠡᠭ ᠭᠠᠷᠤᠭᠰᠠᠨ ᠤ ᠳᠠᠷᠠᠭ᠎ᠠ ᠂ ᠳᠡᠭᠡᠳᠦ ᠱᠠᠲᠤᠨ ᠠᠴᠠ ᠵᠠᠷᠯᠢᠭ ᠪᠠᠭᠤᠯᠭᠠᠵᠤ ᠭᠤᠴᠢᠨ ᠲᠠᠪᠤᠳᠤᠭᠠᠷ ᠬᠣᠷᠢᠶ᠎ᠠ ᠶᠢᠨ ᠬᠣᠷᠢᠶᠠᠨ ᠳᠠᠷᠤᠭ᠎ᠠ  ᠡᠯᠳᠡᠩᠭᠡ ᠳᠦ ᠵᠠᠬᠢᠳᠠᠯ ᠢᠯᠡᠭᠡᠵᠦ ᠡᠨᠡ ᠬᠦ ᠠᠰᠠᠭᠤᠳᠠᠯ ᠢ ᠴᠢᠩᠭ᠎ᠠ ᠰᠢᠶᠳᠪᠦᠷᠢᠯᠡᠬᠦ ᠬᠡᠷᠡᠭᠲᠡᠶ ᠭᠡᠵᠡᠢ ᠃ ᠡᠨᠡ ᠦᠶ᠎ᠡ ᠳᠦ  ᠡᠯᠳᠡᠩᠭᠡ ᠨᠢᠭᠡᠨᠲᠡ ᠤᠷᠪᠠᠵᠤ ᠭᠠᠷᠤᠭᠰᠠᠨ ᠪᠥᠭᠡᠳ ᠱᠲ᠋ᠠᠪ ᠤᠨ ᠳᠠᠷᠤᠭ᠎ᠠ ᠶᠧᠰᠢᠵᠠᠯᠰᠠᠨ  ᠢ ᠪᠠᠷᠢᠵᠤ ᠬᠣᠷᠢᠵᠠᠢ᠃ ᠲᠡᠳᠡ ᠳᠠᠷᠤᠶᠢᠬᠠᠨ ᠴᠢᠪᠠᠭ᠎ᠠ ᠳᠤ ᠪᠠᠶᠢᠭ᠎ᠠ ᠳᠣᠪᠴᠢᠨᠪᠠᠯᠵᠤᠤᠷ ᠲᠤ ᠬᠠᠭᠤᠷᠮᠠᠭ ᠵᠠᠬᠢᠳᠠᠯ ᠪᠢᠴᠢᠵᠦ ᠠᠩᠰᠦᠬᠡ᠂ ᠵᠢᠮᠪᠠ ᠬᠢᠭᠡᠳ ᠲᠡᠭᠦᠨ ᠦ ᠬᠠᠨᠢ ᠬᠠᠮᠰᠠᠭᠠᠲᠠᠨ ᠢ ᠮᠠᠩᠬᠠᠨ ᠳᠤ ᠪᠦᠰᠡᠯᠡᠭᠡᠳ ᠪᠠᠶᠢᠨ᠎ᠠ᠂  ᠴᠢᠪᠠᠭ᠎ᠠ ᠳᠤ ᠪᠠᠶᠢᠭ᠎ᠠ ᠬᠦᠨᠳᠦ ᠬᠦᠨᠭᠭᠡᠨ ᠫᠦᠯᠸᠮᠶᠤᠲ᠋ ᠂ ᠮᠢᠨᠠᠮᠢᠶᠣᠲ ᠂ ᠬᠤᠡᠭᠬᠢᠶ᠎ᠠ ᠫᠤᠤ ᠵᠡᠷᠭᠡ ᠶᠢ ᠬᠦᠷᠭᠡᠨ ᠢᠷᠡᠵᠦ ᠂ ᠴᠡᠷᠢᠭ ᠦᠨ ᠬᠦᠴᠦᠨ ᠢ  ᠰᠥᠨᠥᠭᠡᠶ᠎ᠡ ᠭᠡᠪᠡ ᠃ ᠵᠠᠬᠢᠳᠠᠯ ᠳᠤ  ᠡᠯᠳᠡᠩᠭᠡ ᠂ ᠶᠧᠰᠢᠵᠠᠯᠰᠠᠨ ᠬᠣᠶᠠᠷ ᠬᠥᠮᠦᠨ ᠦ ᠲᠠᠮᠠᠭ᠎ᠠ ᠪᠠᠶᠢᠬᠤ ᠲᠤᠯᠠ ᠳᠣᠪᠴᠢᠨᠪᠠᠯᠵᠤᠤᠷ ᠢᠲᠡᠭᠡᠵᠡᠶ ᠃ ᠮᠠᠷᠭᠠᠰᠢ ᠨᠢ 30 ᠭᠠᠷᠤᠶ ᠬᠥᠮᠦᠨ ᠳᠠᠭᠠᠭᠤᠯᠤᠨ ᠬᠣᠶᠠᠷ ᠮᠠᠰᠢᠨ ᠲᠡᠷᠭᠡ ᠬᠦᠨᠳᠦ ᠬᠦᠨᠭᠭᠡᠨ ᠵᠡᠪᠰᠡᠭ  ᠲᠡᠭᠡᠭᠡᠵᠦ ᠲᠤᠰᠠᠯᠠᠬᠤ ᠪᠠᠷ ᠣᠴᠢᠪᠠ ᠃   ᠲᠦᠭᠦᠷᠢᠭ ᠣᠷᠴᠢᠮ ᠬᠦᠷᠬᠦ ᠳᠦ ᠤᠷᠪᠠᠭᠰᠠᠨ ᠳᠡᠭᠡᠷᠡᠮ ᠳᠤ ᠪᠦᠰᠡᠯᠡᠭᠳᠡᠵᠡᠢ ᠂ ᠳᠣᠪᠴᠢᠨᠪᠠᠯᠵᠤᠤᠷ ᠪᠠᠶᠢᠯᠳᠤᠭᠴᠢᠳ ᠢᠶᠠᠨ ᠵᠢᠯᠣᠭᠣᠳᠴᠤ ᠭᠡᠳᠡᠷᠭᠦ ᠳᠠᠭᠠᠷᠢᠯᠲᠠ ᠬᠢᠵᠦ ᠂ ᠡᠳᠦᠷᠵᠢᠨ ᠪᠠᠶᠢᠯᠳᠤᠭᠠᠳ ᠳᠠᠶᠢᠰᠤᠨ  ᠤ ᠬᠦᠴᠦ ᠳᠡᠢ᠌ᠯᠦᠩᠭᠦᠢ  ᠲᠤᠯᠠ ᠪᠥᠬᠥᠳᠡ ᠢᠶᠠᠷ ᠤᠯᠵᠠᠯᠠᠭᠳᠠᠪᠠ ᠃ ᠳᠡᠭᠡᠷᠡᠮ ᠳᠣᠪᠴᠢᠨᠪᠠᠯᠵᠤᠤᠷ  ᠢ  ᠰᠦᠭᠦᠳᠴᠦ  ᠪᠠᠭᠤᠵᠤ ᠥᠭ ᠭᠡᠬᠦ ᠳᠦ᠂ ᠳᠣᠪᠴᠢᠨᠪᠠᠯᠵᠤᠤᠷ ᠪᠠᠭᠤᠵᠤ ᠥᠭᠬᠦ ᠤᠢᠭᠡᠢ ᠪᠠᠶᠢᠵᠤ᠂ ᠳᠠᠶᠢᠰᠤᠨ ᠢ ᠬᠢᠯᠢᠩᠯᠡᠨ ᠪᠤᠷᠤᠭᠤᠰᠢᠶᠠᠭᠰᠠᠨ ᠪᠠᠶᠢᠨ᠎ᠠ᠃ 1946ᠣᠨ ᠤ11 ᠰᠠᠷ᠎ᠠ ᠶᠢᠨ3 ᠡᠳᠦᠷ ᠳᠣᠪᠴᠢᠨᠪᠠᠯᠵᠤᠤᠷ ᠵᠡᠷᠭᠡ ᠠᠷᠪᠠ ᠭᠠᠷᠤᠶ ᠬᠥᠮᠦᠨ ᠠᠯᠠᠭᠳᠠᠵᠤ ᠂ ᠳᠣᠪᠴᠢᠨᠪᠠᠯᠵᠤᠤᠷ  ᠲᠡᠷᠡ ᠵᠢᠯ26 ᠨᠠᠰᠤᠲᠠᠶ ᠪᠠᠶᠢᠪᠠ ᠃   
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ