| 1980 ᠣᠨ ᠠᠴᠠ ᠨᠠᠭᠠᠰᠢ ᠶᠠᠩᠬᠠᠨ ᠳᠤ ᠣᠷᠣᠬᠤ᠂ ᠶᠠᠩᠬᠠᠯᠠᠬᠤ ᠠᠵᠢᠯᠯᠠᠭ᠎ᠠ ᠶᠢᠨ ᠳᠠᠷᠤᠭᠳᠠᠭᠰᠡᠠ ᠲᠣᠭᠤᠰᠣ ᠳᠠᠬᠢᠨ ᠳᠡᠭᠳᠡᠪᠡ᠂ ᠡᠯ᠎ᠡ ᠱᠠᠲᠤᠨ ᠤ | ᠳᠣᠲᠤᠭᠠᠳᠤ ᠶᠢ ᠬᠠᠮᠠᠭᠠᠯᠠᠬᠤ ᠪᠠᠶᠢᠭᠤᠯᠭ᠎ᠠ ᠨᠢ ᠨᠢᠭᠡ ᠢᠯᠡᠷᠡᠪᠡᠯ ᠨᠢᠭᠡ ᠶᠢ ᠰᠢᠢᠳᠪᠦᠷᠢᠯᠡᠵᠦ᠂ ᠡᠮᠡᠭᠲᠡᠶᠢᠴᠦᠳ ᠢ ᠠᠯᠪᠠᠳᠠᠨ᠂ ᠵᠢᠭᠠᠨ ᠲᠣᠬᠢᠵᠤ᠂ ᠥᠲᠦᠭᠡᠨ ᠲᠠᠲᠠᠵᠦ | ᠶᠠᠩᠬᠠᠯᠠᠭᠤᠯᠤᠭᠰᠡᠠ ᠶᠠᠯᠠᠳᠦ ᠡᠲᠡᠭᠡᠳ ᠲᠤ ᠡᠷᠡᠰ ᠴᠣᠬᠢᠯᠲᠠ ᠥᠭᠪᠡ᠃ ᠶᠠᠩᠬᠠᠯᠠᠬᠤ ᠬᠢᠳᠡᠯ ᠲᠠᠢ ᠣᠯᠠᠨᠳᠠ ᠰᠤᠷᠭᠠᠪᠡᠴᠦ ᠦᠯᠦ ᠵᠠᠰᠠᠷᠠᠳᠠᠭ ᠨᠢᠭᠤᠴᠠ ᠶᠠᠩᠬᠠᠨ | ᠪᠣᠯᠣᠭᠰᠠᠳ ᠢ ᠡᠮᠡᠭᠲᠡᠶᠢᠴᠦᠳ ᠢ ᠰᠤᠷᠭᠠᠨ ᠬᠦᠮᠦᠵᠢᠭᠦᠯᠬᠦ ᠪᠣᠶᠣ ᠬᠦᠳᠡᠯᠮᠦᠷᠢ ᠪᠠᠷ ᠵᠠᠰᠠᠷᠠᠭᠤᠯᠬᠤ ᠭᠠᠵᠠᠷ ᠲᠤ ᠣᠷᠣᠭᠤᠯᠵᠤ ᠰᠤᠷᠭᠠᠨ ᠬᠦᠮᠦᠵᠢᠭᠦᠯᠦᠨ | ᠥᠭᠡᠷᠡᠴᠢᠯᠡᠪᠡ᠃ ᠬᠡᠲᠦ᠋ᠢᠪᠡᠷ ᠵᠦᠢ ᠶᠣᠰᠣᠨ ᠤ ᠠᠵᠢᠯ ᠲᠠᠢ ᠪᠣᠯᠪᠠᠴᠦ ᠶᠠᠩᠬᠠᠯᠠᠬᠤ ᠠᠵᠢᠯ ᠬᠢᠭᠰᠡᠨ ᠪᠠᠶᠢᠪᠠᠯ ︽ᠠᠮᠤᠷ ᠢ ᠬᠠᠮᠠᠭᠠᠯᠠᠬᠤ ᠬᠠᠮᠢᠶᠠᠷᠤᠯᠲᠠ ᠶᠢᠨ | ᠰᠢᠢᠳᠬᠡᠯ ᠲᠣᠷᠭᠠᠭᠤᠯᠢ ᠶᠢᠨ ᠳᠦᠷᠢᠮ︾ ᠢᠶᠠᠷ ᠵᠠᠰᠠᠭ ᠵᠠᠬᠢᠷᠭᠠᠨ ᠤ ᠲᠦᠷ ᠬᠤᠷᠢᠬᠤ ᠪᠣᠶᠣ ᠡᠰᠡᠭᠦᠯ᠎ᠠ ᠵᠠᠰᠠᠭ ᠵᠠᠬᠢᠷᠭᠠᠨ ᠤ ᠰᠠᠬᠢᠯᠭ᠎ᠠ ᠪᠡᠲᠤ ᠶᠢᠨ ᠰᠢᠢᠳᠬᠡᠯ | ᠣᠯᠭᠤᠬᠤ ᠪᠠᠷ ᠲᠡᠭᠦᠨ ᠤ ᠪᠠᠶᠢᠭ᠎ᠠ ᠪᠠᠶᠢᠭᠤᠯᠭ᠎ᠠ ᠨᠢᠭᠡᠴᠢ ᠳᠤ ᠨᠢ ᠰᠠᠨᠠᠭᠤᠯᠭ᠎ᠠ ᠳᠤᠷᠠᠳᠪᠠ᠃ ᠪᠠᠭ᠎ᠠ ᠰᠠᠭ᠎ᠠ ᠠᠰᠢᠭ ᠲᠤ ᠳᠤᠷᠠᠯᠠᠨ ᠬᠠᠶᠠ ᠶᠠᠩᠬᠠᠯᠠᠭᠰᠠᠨ ᠪᠠᠶᠢᠪᠠᠯ᠂ | ᠬᠠᠮᠢᠶ᠎ᠠ ᠪᠦᠬᠦᠢ ᠪᠠᠶᠢᠭᠤᠯᠭ᠎ᠠ ᠵᠢᠴᠢ ᠲᠡᠭᠦᠨ ᠤ ᠭᠡᠷ ᠤᠨ ᠠᠬᠠᠮᠠᠳ ᠲᠠᠢ ᠨᠢ ᠬᠠᠮᠳᠦ ᠰᠣᠷᠭᠠᠨ ᠬᠦᠮᠦᠵᠢᠬᠦᠯᠬᠦ ᠠᠵᠢᠯ ᠢ ᠰᠠᠶᠢᠲᠤᠷ ᠬᠢᠵᠦ ᠪᠠᠶᠢᠪᠠ᠃ | 1983 ᠣᠨ ᠤ ᠡᠷᠡᠭᠦᠦ ᠶᠢᠨ ᠬᠡᠷᠡᠭ ᠤᠨ ᠶᠠᠯᠠᠲᠤ ᠠᠵᠢᠯᠯᠠᠭ᠎ᠠ ᠳᠤ ᠴᠢᠩᠭ᠎ᠠ ᠴᠣᠬᠢᠯᠲᠠ ᠥᠭᠬᠦ ᠲᠡᠮᠡᠴᠡᠯ ᠤᠨ ᠳᠣᠮᠳᠠ ᠤᠯᠠᠭᠠᠨᠬᠠᠳᠠ ᠬᠤᠲᠠ ᠶᠢᠨ ᠬᠤᠩᠱᠠᠨ | ᠲᠣᠭᠤᠷᠢᠭ ᠤᠨ ᠲᠣᠲᠣᠭᠠᠲᠤ ᠶᠢ ᠬᠠᠮᠠᠭᠠᠯᠠᠬᠤ ᠬᠤᠪᠢᠶᠠᠷᠢ ᠲᠣᠪᠴᠢᠶ᠎ᠠ ᠨᠢ ᠡᠮᠡᠭᠲᠡᠶᠢᠴᠦᠳ ᠢ ᠠᠷᠭᠠᠳᠠᠨ ᠬᠤᠷᠭᠤᠮᠴᠢᠯᠠᠵᠤ ᠠᠷᠪᠠᠨ ᠬᠡᠳᠦᠨ ᠬᠦᠮᠦᠨ ᠳᠤ | ᠶᠠᠩᠬᠠᠯᠠᠭᠤᠯᠤᠭᠰᠡᠠ ᠨᠢᠭᠤᠴᠠ ᠶᠠᠩᠬᠠᠨ ᠤ ᠪᠦᠯᠦᠭᠯᠡᠯ ᠢ ᠪᠠᠶᠢᠴᠠᠭᠠᠨ ᠢᠯᠡᠷᠡᠭᠦᠯᠵᠦ᠂ ︽ᠶᠠᠩᠬᠠᠨ ᠤ ᠲᠦᠷᠦᠭᠦᠦ︾ ᠬᠣ᠋ ᠭᠥᠢ ᠯᠠᠠ ᠢ ᠬᠠᠣᠯᠢ ᠶᠣᠰᠤᠭᠠᠷ ᠠᠯᠠᠬᠤ | ᠡᠷᠡᠭᠦᠦ ᠪᠠᠷ ᠰᠢᠢᠳᠬᠡᠵᠡᠢ᠃ | 1987 — 1988 ᠣᠨ ᠳᠤ ᠪᠦᠬᠦ ᠬᠤᠲᠠ ᠶᠢᠨ ᠳᠣᠲᠤᠭᠠᠲᠤ ᠶᠢ ᠬᠠᠮᠠᠭᠠᠯᠠᠬᠤ ᠪᠠᠶᠢᠭᠤᠯᠭ᠎ᠠ ᠨᠢ ᠶᠠᠩᠬᠠᠯᠠᠭᠰᠠᠨ ᠶᠠᠩᠬᠠᠨ ᠳᠤ ᠣᠷᠣᠬᠰᠠᠨ 38 ᠬᠡᠷᠡᠭ ᠢ | ᠪᠠᠶᠢᠴᠠᠭᠠᠨ ᠢᠯᠡᠷᠡᠭᠦᠯᠵᠦ᠂ 172 ᠬᠦᠮᠦᠨ ᠢ ᠰᠢᠢᠳᠬᠡᠵᠡᠢ᠃ | 1989 ᠣᠨ ᠳᠤ ᠶᠠᠩᠬᠠᠯᠠᠭᠰᠠᠨ ᠶᠠᠩᠬᠠᠨ ᠳᠤ ᠣᠷᠣᠬᠰᠠᠨ 38 ᠬᠡᠷᠡᠭ ᠂ 47 ᠬᠦᠮᠦᠨ᠂ 3 ᠪᠦᠯᠦᠭᠯᠡᠯ᠂ 17 ᠬᠦᠮᠦᠨ ᠢ ᠪᠠᠶᠢᠴᠠᠭᠠᠨ ᠢᠯᠡᠷᠡᠭᠦᠯᠵᠦ᠂ | ᠬᠠᠣᠯᠢ ᠶᠣᠰᠤᠭᠠᠷ ᠰᠢᠢᠳᠬᠡᠪᠡ᠃ | 1990 ᠣᠨ ᠳᠤ ᠶᠠᠩᠬᠠᠯᠠᠭᠰᠠᠨ ᠶᠠᠩᠬᠠᠨ ᠳᠤ ᠣᠷᠣᠬᠰᠠᠨ 63 ᠬᠡᠷᠡᠭ ᠂ 314 ᠬᠦᠮᠦᠨ ᠢ ᠪᠠᠶᠢᠴᠠᠭᠠᠵᠤ ᠰᠢᠢᠳᠬᠡᠪᠡ᠃ | | | | | | | | |