ᠳᠡᠮᠡᠭᠡ ᠶᠢ ᠤᠨᠤᠵᠤ᠂ ᠭᠦᠯᠵᠤ᠂ ᠠᠴᠢᠶᠠᠯᠠᠵᠤ ᠪᠦᠷ ᠰᠤᠷᠭᠠᠳᠠᠭ᠃ ᠤᠷᠢᠳᠡᠪᠡᠷ ᠤᠨᠤᠵᠤ ᠰᠤᠷᠭᠠᠨ᠎ᠠ᠃ ᠭᠡᠭᠦ ᠳᠡᠭᠡᠨ ᠤᠨᠤᠵᠤ ᠰᠤᠷᠭᠠᠬᠤ ᠭᠦᠮᠦᠨ ᠭᠡᠳᠦᠨ | ᠡᠳᠦᠷ ᠤᠨ ᠬᠠᠭᠤᠷᠠᠢ ᠭᠦᠨᠡᠰᠤ ᠲᠠᠢ ᠪᠠᠷ ᠤᠨᠤᠭᠠᠳ ᠪᠠᠷᠤᠭᠳᠠᠢ ᠳᠤ ᠪᠠᠭᠤᠬᠤ ᠦᠭᠡᠢ ᠪᠠᠷ ᠰᠤᠷᠭᠠᠳᠠᠭ᠃ | ᠮᠤᠷᠢ ᠶᠢ ᠠᠷᠪᠢᠨ ᠳᠠᠭᠠᠨ ᠤᠨᠤᠵᠤ ᠰᠤᠷᠭᠠᠬᠤ ᠪᠤᠯᠪᠠᠴᠤ ᠪᠠᠰᠠ ᠳᠡᠷᠭᠡᠨ ᠳᠤ ᠭᠦᠯᠵᠤ ᠰᠤᠷᠭᠠᠳᠠᠭ᠃ ᠭᠡᠳᠦᠨ ᠭᠦᠮᠦᠨ ᠤ ᠬᠠᠪᠰᠤᠷᠤᠯᠭ᠎ᠠ ᠪᠠᠷ ᠡᠮᠨᠢᠭ ᠢᠶᠠᠨ | ᠤᠨᠤᠵᠤ ᠰᠠᠶᠢᠨ ᠡᠭᠰᠢᠳᠡᠯᠡ ᠳᠦᠢᠯᠠᠭᠤᠯᠤᠭᠠᠳ᠂ ᠳᠠᠰᠢᠭᠤᠷ ᠳᠠᠯᠪᠢᠨ ᠭᠦᠶᠦᠯᠭᠡᠵᠤ ᠢᠳᠡᠭ ᠢᠳᠡᠭ ᠢᠶᠠᠷ ᠠᠮᠠ ᠵᠢᠯᠤᠭᠤ ᠵᠠᠯᠠᠬᠤ ᠶᠢ ᠰᠤᠷᠭᠠᠳᠠᠭ᠃ ᠮᠤᠷᠢ ᠶᠢ | ᠰᠠᠶᠢᠨ ᠰᠤᠷᠭᠠᠬᠤ ᠳᠦᠷᠦᠯ ᠤᠨ ᠴᠢᠬᠤᠯᠠ᠃ ᠡᠬᠢᠯᠡᠭᠡᠳ ᠮᠠᠭᠤ ᠵᠠᠩ ᠲᠠᠢ ᠰᠤᠷᠴᠢᠬᠠᠪᠠᠯ ᠪᠤᠷᠤᠭᠤᠰᠬᠤ᠂ ᠢᠰᠭᠦᠯᠭᠦ᠂ ᠤᠯᠤᠩ ᠳᠠᠳᠠᠬᠤ ᠳᠤ ᠬᠠᠵᠠᠬᠤ᠂ | ᠤᠨᠤᠬᠤ ᠳᠤ ᠪᠡᠶ᠎ᠡ ᠳᠤᠭᠤᠷᠢᠨ ᠡᠷᠬᠢᠯᠳᠦᠭᠦ ᠵᠡᠷᠭᠡ ᠮᠠᠭᠤ ᠵᠠᠩ ᠲᠠᠢ ᠪᠤᠯᠵᠤ ᠶᠡᠷᠦ ᠠᠴᠠ ᠭᠠᠷᠳᠠᠭ ᠦᠭᠡᠢ ᠶᠤᠮ᠃ | ᠦᠭᠡᠷ ᠢ ᠠᠨᠵᠢᠰᠤ ᠳᠡᠷᠭᠡᠨ ᠳᠤ ᠭᠦᠯᠵᠤ ᠰᠤᠷᠭᠠᠬᠤ ᠪᠠ ᠦᠨᠢᠶ᠎ᠡ ᠶᠢ ᠰᠠᠭᠠᠵᠤ ᠰᠤᠷᠭᠠᠳᠠᠭ᠃ ᠭᠤᠨ᠎ᠠ ᠶᠢ ᠪᠦᠳᠦᠭᠦᠨ ᠦᠭᠡᠷ ᠤᠨ ᠳᠠᠯ᠎ᠠ ᠳᠤ ᠬᠤᠤᠰᠯᠠᠨ | ᠰᠤᠷᠭᠠᠭᠠᠳ ᠳᠠᠷᠠᠭ᠎ᠠ ᠨᠢ ᠭᠠᠭᠴᠠᠭᠠᠷ ᠢ ᠠᠷᠠᠯᠳᠠᠵᠤ ᠰᠤᠷᠭᠠᠳᠠᠭ᠃ ᠰᠠᠶ᠋ᠢ ᠳᠤᠭᠤᠯᠯᠠᠭᠰᠠᠨ ᠭᠤᠨᠵᠢᠨ ᠦᠨᠢᠶ᠎ᠡ ᠶᠢ ᠤᠷᠢᠳᠡᠪᠡᠷ ᠭᠦᠭ ᠳᠡᠯᠡᠩ ᠢ ᠨᠢ ᠮᠠᠭᠠᠵᠢᠨ | ᠮᠠᠯᠳᠠᠵᠤ᠂ ᠠᠷᠤ ᠬᠤᠶᠠᠷ ᠭᠦᠯ ᠢ ᠨᠢ ᠳᠤᠱᠠᠵᠤ ᠪᠠᠶᠢᠭᠠᠳ ᠰᠠᠭᠠᠵᠤ ᠰᠤᠷᠭᠠᠳᠠᠭ᠃ |