ᠰᠢᠨᠬᠤᠸᠠ ᠬᠤᠷᠢᠶ᠎ᠠ ᠶᠢᠨ ᠪᠡᠭᠡᠵᠢᠩ ᠤᠨ 8 ᠰᠠᠷ᠎ᠠ ᠶᠢᠨ 18 ᠤ ᠴᠠᠭᠢᠯᠭᠠᠨ ᠮᠡᠳᠡᠭᠡ ᠣᠶᠢᠷ᠎ᠠ ᠳᠤ ᠂ ᠤᠯᠤᠰ ᠤᠨ ᠲᠡᠷᠢᠭᠦᠯᠡᠭᠴᠢ ᠰᠢ ᠶᠢᠨ ᠫᠢᠩ ᠡᠮᠦᠨᠡᠲᠦ | ᠠᠹᠷᠢᠺᠠ ᠶᠢᠨ ᠳ᠋ᠧᠷᠪᠠᠨ ᠪᠠᠶᠢᠭᠠᠯᠢ ᠲᠧᠭᠨᠢᠭ ᠤᠨ ᠤᠬᠠᠭᠠᠨ ᠤ ᠶᠡᠭᠡ ᠰᠤᠷᠭᠠᠭᠤᠯᠢ ᠶᠢᠨ ᠺᠦᠩᠽᠢ ᠳᠡᠭᠡᠳᠦ ᠰᠤᠷᠭᠠᠭᠤᠯᠢ ᠶᠢᠨ ᠪᠠᠭᠰᠢ ᠰᠤᠷᠤᠬᠴᠢᠳ ᠲᠤ ᠬᠠᠷᠢᠭᠤ | ᠵᠠᠬᠢᠳᠠᠯ ᠢᠯᠡᠭᠡᠵᠦ ᠂ ᠳᠡᠳᠡᠨ ᠢ ᠬᠢᠲᠠᠳ ᠬᠡᠯᠡ ᠶᠢ ᠰᠠᠶᠢᠲᠤᠷ ᠰᠤᠷᠴᠤ ᠂ ᠳᠤᠮᠳᠠᠳᠤ ᠡᠮᠦᠨᠡᠲᠦ ᠠᠹᠷᠢᠺᠠ ᠬᠤᠶᠠᠷ ᠤᠯᠤᠰ ᠤᠨ ᠨᠥᠭᠦᠷᠰᠡᠭ ᠦᠢᠯᠡᠰ ᠢ ᠤᠯᠠᠮᠵᠢᠯᠠᠨ | ᠬᠥᠭᠵᠢᠭᠦᠯᠬᠦ ᠂ ᠳᠤᠮᠳᠠᠳᠤ ᠠᠹᠷᠢᠺᠠ ᠶᠢᠨ ᠨᠥᠭᠦᠷᠰᠡᠭ ᠬᠠᠮᠲᠤᠷᠠᠯᠴᠠᠭ᠎ᠠ ᠶᠢ ᠠᠬᠢᠭᠤᠯᠬᠤ ᠳᠤ ᠬᠦᠴᠦᠨ ᠴᠢᠳᠠᠯ ᠢᠶᠠᠨ ᠡᠷᠭᠦᠭᠡᠷᠡᠢ ᠭᠡᠵᠦ ᠵᠣᠷᠢᠭᠵᠢᠭᠤᠯᠪᠠ ᠃ | ᠰᠢ ᠶᠢᠨ ᠫᠢᠩ ᠂ ᠠᠷᠪᠠᠨ ᠵᠢᠯ ᠤᠨ ᠡᠮᠦᠨ᠎ᠡ ᠂ ᠪᠢ ᠳ᠋ᠧᠷᠪᠠᠨ ᠪᠠᠶᠢᠭᠠᠯᠢ ᠲᠧᠭᠨᠢᠭ ᠤᠨ ᠤᠬᠠᠭᠠᠨ ᠤ ᠶᠡᠭᠡ ᠰᠤᠷᠭᠠᠭᠤᠯᠢ ᠶᠢᠨ ᠺᠦᠩᠽᠢ ᠳᠡᠭᠡᠳᠦ | ᠰᠤᠷᠭᠠᠭᠤᠯᠢ ᠶᠢᠨ ᠪᠠᠶᠢᠭᠤᠯᠤᠭᠳᠠᠭᠰᠠᠨ ᠢ ᠭᠡᠷᠡᠴᠢᠯᠡᠪᠡ ᠃ ᠬᠤᠶᠠᠷ ᠲᠠᠯ᠎ᠠ ᠶᠢᠨ ᠬᠠᠮᠲᠤ ᠶᠢᠨ ᠴᠢᠷᠮᠠᠶᠢᠯᠭ᠎ᠠ ᠪᠠᠷ ᠬᠤᠶᠠᠷ ᠤᠯᠤᠰ ᠤᠨ ᠰᠤᠷᠭᠠᠨ ᠬᠥᠮᠦᠵᠢᠯ | ᠰᠣᠶᠣᠯ ᠤᠨ ᠰᠣᠯᠢᠯᠴᠠᠭ᠎ᠠ ᠦᠯᠡᠮᠵᠢ ᠦᠷ᠎ᠡ ᠪᠦᠲᠦᠭᠡᠯ ᠣᠯᠵᠤ ᠂ ᠡᠮᠦᠨᠡᠲᠦ ᠠᠹᠷᠢᠺᠠ ᠶᠢᠨ ᠮᠠᠰᠢ ᠤᠯᠠᠨ ᠵᠠᠯᠠᠭᠤᠴᠤᠳ ᠬᠢᠲᠠᠳ ᠬᠡᠯᠡ ᠰᠤᠷᠬᠤ ᠪᠠᠷ ᠲᠠᠮᠵᠢᠨ | ᠳᠤᠮᠳᠠᠳᠤ ᠤᠯᠤᠰ ᠤᠨ ᠲᠡᠦᠬᠡ ᠰᠣᠶᠣᠯ ᠢ ᠣᠶᠢᠯᠠᠭᠠᠵᠤ ᠂ ᠠᠵᠢᠯ ᠮᠡᠷᠭᠡᠵᠢᠯ ᠤᠨ ᠰᠣᠩᠭᠤᠯᠲᠠ ᠶᠢᠨ ᠵᠠᠮ ᠢᠶᠠᠨ ᠥᠷᠭᠡᠳᠬᠡᠵᠦ ᠂ ᠬᠥᠮᠥᠨ ᠤ ᠠᠮᠢᠳᠤᠷᠠᠯ ᠤᠨ ᠬᠦᠰᠡᠯ | ᠵᠡᠭᠦᠳᠦ ᠪᠠᠨ ᠲᠡᠷᠭᠡᠯᠰᠢᠭᠦᠯᠦᠭᠰᠡᠨ ᠢ ᠣᠯᠵᠤ ᠬᠠᠷᠠᠭᠠᠳ ᠪᠢ ᠮᠠᠰᠢ ᠪᠠᠶᠠᠷᠯᠠᠵᠤ ᠪᠠᠶᠢᠨ᠎ᠠ ᠭᠡᠵᠦ ᠵᠢᠭᠠᠵᠤ ᠭᠠᠷᠭᠠᠪᠠ ᠃ | ᠰᠢ ᠶᠢᠨ ᠫᠢᠩ ᠂ ᠳᠤᠮᠳᠠᠳᠤ ᠤᠯᠤᠰ ᠪᠣᠯᠣᠨ ᠡᠮᠦᠨᠡᠲᠦ ᠠᠹᠷᠢᠺᠠ ᠪᠣᠯ ᠪᠦᠷ ᠴᠢᠬᠤᠯᠠ ᠶᠡᠭᠡ ᠬᠥᠭᠵᠢᠵᠦ ᠪᠠᠶᠢᠭ᠎ᠠ ᠲᠣᠮᠣ ᠤᠯᠤᠰ ᠮᠥᠨ ᠂ ᠬᠤᠶᠠᠷ ᠤᠯᠤᠰ | ᠬᠤᠭᠤᠷᠣᠨᠳᠤ ᠪᠠᠨ ᠨᠥᠬᠦᠷ ᠪᠥᠭᠡᠳ ᠠᠬ᠎ᠠ ᠳᠡᠭᠦᠦ ᠶᠢᠨ ᠣᠨᠴᠠᠭᠠᠢ ᠨᠥᠬᠦᠷᠯᠡᠯ ᠲᠠᠢ ᠶᠤᠮ ᠂ ᠲᠤᠰ ᠲᠤᠰ ᠤᠨ ᠢᠶᠠᠨ ᠦᠭᠡ ᠬᠡᠯᠡ ᠰᠣᠶᠣᠯ ᠢ ᠰᠤᠷᠤᠯᠴᠠᠨ | ᠣᠶᠢᠯᠠᠭᠠᠬᠤ ᠨᠢ ᠬᠤᠶᠠᠷ ᠤᠯᠤᠰ ᠤᠨ ᠠᠷᠠᠳ ᠲᠦᠮᠡᠨ ᠤ ᠬᠠᠷᠢᠯᠴᠠᠨ ᠣᠶᠢᠯᠠᠭᠠᠵᠤ ᠬᠠᠷᠢᠯᠴᠠᠨ ᠳᠣᠲᠣᠨᠣᠴᠢᠯᠠᠬᠤ ᠂ ᠦᠶ᠎ᠡ ᠶᠢᠨ ᠦᠶ᠎ᠡ ᠳᠡᠭᠡᠨ ᠨᠥᠭᠦᠷᠰᠡᠭ | ᠪᠠᠶᠢᠬᠤ ᠶᠢ ᠠᠬᠢᠭᠤᠯᠬᠤ ᠳᠤ ᠠᠰᠢᠭᠲᠠᠢ ᠶᠤᠮ ᠃ ᠲᠠ ᠨᠠᠷ ᠤᠨ ᠬᠢᠲᠠᠳ ᠬᠡᠯᠡ ᠶᠢ ᠰᠠᠶᠢᠲᠤᠷ ᠰᠤᠷᠤᠯᠴᠠᠬᠤ ᠶᠢᠨ ᠬᠠᠮᠲᠤ ᠂ ᠳᠤᠮᠳᠠᠳᠤ ᠤᠯᠤᠰ ᠲᠤ ᠢᠯᠡᠭᠦᠬᠡᠨ | ᠢᠷᠡᠵᠥ ᠲᠣᠭᠤᠷᠢᠨ ᠦᠵᠡᠵᠦ ᠂ ᠳᠤᠮᠳᠠᠳᠤ ᠤᠯᠤᠰ ᠢ ᠨᠡᠩ ᠭᠦᠨᠵᠡᠭᠡᠢ ᠲᠠᠨᠢᠨ ᠣᠶᠢᠯᠠᠭᠠᠵᠤ ᠂ ᠰᠤᠷᠴᠤ ᠰᠡᠳᠬᠢᠭᠰᠡᠨ ᠦᠵᠡᠵᠦ ᠰᠣᠨᠣᠰᠤᠭᠰᠠᠨ ᠢᠶᠠᠨ ᠠᠰᠢᠭᠯᠠᠨ ᠂ | ᠨᠢᠭᠡᠨ ᠦᠨᠡᠨ ᠪᠣᠳᠠᠲᠠᠢ ᠂ ᠪᠣᠰᠤᠭ᠎ᠠ ᠴᠣᠭᠴᠠᠲᠤ ᠂ ᠪᠦᠭᠦ ᠲᠠᠯ᠎ᠠ ᠶᠢᠨ ᠳᠤᠮᠳᠠᠳᠤ ᠤᠯᠤᠰ ᠢ ᠨᠡᠩ ᠤᠯᠠᠨ ᠨᠠᠶᠢᠵᠠ ᠳᠠᠭᠠᠨ ᠲᠠᠨᠢᠯᠴᠠᠭᠤᠯᠵᠤ ᠂ ᠬᠤᠶᠠᠷ ᠤᠯᠤᠰ ᠤᠨ | ᠨᠥᠭᠦᠷᠰᠡᠭ ᠦᠢᠯᠡᠰ ᠢ ᠤᠯᠠᠮᠵᠢᠯᠠᠨ ᠬᠥᠭᠵᠢᠭᠦᠯᠬᠦ ᠡᠯᠴᠢᠨ ᠪᠤᠯᠬᠤ ᠪᠠᠷ ᠴᠢᠷᠮᠠᠶᠢᠵᠤ ᠂ ᠳᠤᠮᠳᠠᠳᠤ ᠠᠹᠷᠢᠺᠠ ᠶᠢᠨ ᠨᠥᠬᠦᠷᠯᠡᠯ ᠤᠨ ᠬᠠᠮᠲᠤᠷᠠᠯᠴᠠᠭ᠎ᠠ ᠶᠢ ᠠᠬᠢᠭᠤᠯᠬᠤ ᠂ | ᠬᠥᠮᠥᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠳᠤ ᠥᠪᠡᠷ ᠤᠨ ᠬᠦᠴᠦᠨ ᠴᠢᠳᠠᠯ ᠢᠶᠠᠨ ᠡᠷᠭᠦᠬᠦ ᠶᠢ ᠪᠠᠶᠠᠷᠯᠠᠨ ᠤᠭᠲᠤᠵᠤ | ᠪᠠᠶᠢᠨ᠎ᠠ ᠭᠡᠵᠦ ᠴᠢᠬᠤᠯᠠᠴᠢᠯᠠᠪᠠ ᠃ | 2013 ᠣᠨ ᠤ 3 ᠰᠠᠷ᠎ᠠ ᠳᠤ ᠂ ᠲᠡᠷᠢᠭᠦᠯᠡᠭᠴᠢ ᠰᠢ ᠶᠢᠨ ᠫᠢᠩ ᠡᠮᠦᠨᠡᠲᠦ ᠠᠹᠷᠢᠺᠠ ᠳᠤ ᠠᠶᠢᠯᠴᠢᠯᠠᠬᠤ ᠬᠤᠭᠤᠴᠠᠭᠠᠨ ᠳᠠᠭᠠᠨ ᠂ ᠳᠤᠮᠳᠠᠳᠤ ᠡᠮᠦᠨᠡᠲᠦ | ᠠᠹᠷᠢᠺᠠ ᠬᠤᠶᠠᠷ ᠲᠠᠯ᠎ᠠ ᠶᠢᠨ ᠳ᠋ᠧᠷᠪᠠᠨ ᠪᠠᠶᠢᠭᠠᠯᠢ ᠲᠧᠭᠨᠢᠭ ᠤᠨ ᠤᠬᠠᠭᠠᠨ ᠤ ᠶᠡᠭᠡ ᠰᠤᠷᠭᠠᠭᠤᠯᠢ ᠶᠢᠨ ᠺᠦᠩᠽᠢ ᠳᠡᠭᠡᠳᠦ ᠰᠤᠷᠭᠠᠭᠤᠯᠢ ᠶᠢ ᠬᠠᠮᠲᠤ ᠪᠠᠷ ᠪᠠᠶᠢᠭᠤᠯᠬᠤ | ᠵᠥᠪᠯᠡᠯᠴᠡᠭᠡᠷ ᠲᠤ ᠭᠠᠷ ᠤᠨ ᠦᠰᠦᠭ ᠵᠢᠷᠤᠬᠤ ᠶᠢ ᠭᠡᠷᠡᠴᠢᠯᠡᠪᠡ ᠃ ᠡᠮᠦᠨᠡᠲᠦ ᠠᠹᠷᠢᠺᠠ ᠶᠢᠨ ᠳ᠋ᠧᠷᠪᠠᠨ ᠪᠠᠶᠢᠭᠠᠯᠢ ᠲᠧᠭᠨᠢᠭ ᠤᠨ ᠤᠬᠠᠭᠠᠨ ᠤ ᠶᠡᠭᠡ ᠰᠤᠷᠭᠠᠭᠤᠯᠢ ᠶᠢᠨ | ᠺᠦᠩᠽᠢ ᠳᠡᠭᠡᠳᠦ ᠰᠤᠷᠭᠠᠭᠤᠯᠢ ᠪᠠᠶᠢᠭᠤᠯᠤᠭᠳᠠᠭᠰᠠᠨ ᠠᠷᠪᠠᠨ ᠵᠢᠯ ᠤᠨ ᠲᠤᠷᠰᠢ ᠨᠡᠶᠢᠲᠡ ᠲᠦᠮᠡ ᠰᠢᠬᠠᠮ ᠰᠤᠷᠤᠬᠴᠢ ᠶᠢ ᠬᠥᠮᠥᠵᠢᠭᠦᠯᠪᠡ ᠃ ᠣᠶᠢᠷ᠎ᠠ ᠳᠤ ᠂ ᠲᠤᠰ | ᠳᠡᠭᠡᠳᠦ ᠰᠤᠷᠭᠠᠭᠤᠯᠢ ᠶᠢᠨ 50 ᠪᠠᠭᠰᠢ ᠰᠤᠷᠤᠬᠴᠢ ᠨᠡᠷ᠎ᠡ ᠬᠤᠯᠪᠤᠭᠠᠯᠠᠨ ᠲᠡᠷᠢᠭᠦᠯᠡᠭᠴᠢ ᠰᠢ ᠶᠢᠨ ᠫᠢᠩ ᠳᠤ ᠵᠠᠬᠢᠳᠠᠯ ᠢᠯᠡᠭᠡᠵᠦ ᠂ ᠬᠢᠲᠠᠳ ᠬᠡᠯᠡ ᠰᠤᠷᠤᠯᠴᠠᠬᠰᠠᠨ | ᠥᠩᠭᠡᠷᠡᠯᠲᠡ ᠂ ᠣᠯᠣᠯᠲᠠ ᠲᠥᠷᠥᠭᠳᠡᠯ ᠢᠶᠠᠨ ᠶᠠᠷᠢᠵᠤ ᠂ ᠲᠡᠷᠢᠭᠦᠯᠡᠭᠴᠢ ᠰᠢ ᠶᠢᠨ ᠫᠢᠩ ᠪᠣᠯᠣᠨ ᠳᠤᠮᠳᠠᠳᠤ ᠤᠯᠤᠰ ᠤᠨ ᠵᠠᠰᠠᠭ ᠤᠨ ᠣᠷᠳᠣᠨ ᠤ ᠠᠹᠷᠢᠺᠠ ᠲᠢᠪ ᠤᠨ | ᠵᠠᠯᠠᠭᠤᠴᠤᠳ ᠤᠨ ᠬᠦᠰᠡᠯ ᠵᠡᠭᠦᠳᠦ ᠪᠠᠨ ᠪᠡᠶᠡᠯᠡᠭᠦᠯᠬᠦ ᠳᠤ ᠨᠡᠩ ᠤᠯᠠᠨ ᠲᠣᠭᠢᠶᠠᠯ ᠬᠠᠩᠭᠠᠭᠰᠠᠨ ᠳᠤ ᠲᠠᠯᠠᠷᠬᠠᠵᠤ ᠂ ᠲᠡᠷᠢᠭᠦᠯᠡᠭᠴᠢ ᠰᠢ ᠶᠢᠨ ᠫᠢᠩ ᠤᠨ ᠡᠮᠦᠨᠡᠲᠦ | ᠠᠹᠷᠢᠺᠠ ᠳᠤ ᠳᠠᠬᠢᠨᠲᠠ ᠠᠶᠢᠯᠴᠢᠯᠠᠬᠤ ᠶᠢ ᠬᠠᠯᠠᠭᠤᠨ ᠢᠶᠠᠷ ᠬᠦᠰᠡᠭᠰᠡᠨ ᠪᠠᠶᠢᠨ᠎ᠠ ᠃ | |