ᠪᠠᠭᠠᠷᠢᠨ ᠬᠦᠬᠦᠷᠭᠡ
ᠨᠡᠶᠢᠲᠡᠯᠡᠭᠰᠡᠨ ᠴᠠᠭ᠄
2024/7/28
     ᠪᠠᠭᠠᠷᠢᠨ ᠪᠠᠷᠠᠭᠤᠨ ᠬᠤᠰᠢᠭᠤ ᠪᠣᠯᠣᠨ ᠣᠩᠨᠢᠭᠤᠳ ᠬᠤᠰᠢᠭᠤ ᠶᠢ ᠵᠠᠭᠠᠭᠯᠠᠭᠰᠠᠨ ᠰᠢᠷᠠᠮᠦ᠋ᠷᠡᠨ ᠭᠤᠣᠯ ᠳᠡᠭᠡᠷ᠎ᠡ ᠪᠠᠶᠢᠷᠢᠰᠢᠵᠦ᠂ ᠤᠯᠤᠰ ᠤᠨ ᠵᠠᠮ 305 ᠱᠣᠭᠤᠮ ᠤᠨ ᠵᠣᠸᠠᠩ ᠡᠾᠤ ᠠᠴᠠ ᠯᠢᠨᠰᠢ ᠬᠦᠷᠬᠦ ᠵᠠᠰᠠᠮᠠᠯ ᠵᠠᠮ ᠤᠨ ᠪᠣᠷᠣᠬᠤᠳᠠ ᠠᠴᠠ ᠯᠢᠨᠰᠢ ᠬᠦᠷᠬᠦ ᠬᠡᠰᠡᠭ ᠳᠠᠬᠢ ᠴᠢᠬᠤᠯᠨ ᠬᠦᠬᠦᠷᠭᠡ ᠪᠣᠯᠣᠨ᠎ᠡ᠃ ᠬᠦᠬᠦᠷᠭᠡ ᠶᠢᠨ ᠤᠷᠲᠤ ᠨᠢ 143.5 ᠮᠧᠲᠷ᠂ ᠠᠯᠭᠠᠰᠠᠯ ᠨᠢ ᠠᠳᠠᠯᠢ ᠪᠣᠰᠤ 6 ᠭᠤᠯᠲᠣᠷᠢᠯ ᠲᠠᠢ ᠴᠢᠯᠠᠭᠤᠨ ᠭᠤᠯᠲᠣᠩ ᠬᠦᠬᠦᠷᠭᠡ ᠪᠣᠯᠣᠨ᠎ᠡ᠃ ᠬᠦᠬᠦᠷᠭᠡ ᠶᠢᠨ ᠲᠡᠭᠡᠷ᠎ᠡ ᠪᠡᠶ᠎ᠡ ᠶᠢᠨ 2 ᠭᠤᠣᠯ ᠭᠤᠯᠲᠣᠷᠢᠯ ᠨᠢ ᠠᠳᠠᠯᠢᠬᠠᠨ 30 ᠮᠧᠲᠷ ᠤᠨ ᠠᠯᠭᠠᠰᠠᠯ ᠲᠠᠢ ᠡᠯᠬᠦᠭᠡ ᠬᠢᠨᠵᠢᠨ ᠬᠡᠯᠪᠡᠷᠢᠲᠣ ᠪᠠᠶᠢᠵᠦ᠂ ᠭᠤᠯᠲᠣᠷᠢᠯ ᠤᠨ ᠨᠤᠮᠤᠯᠵᠢᠨ ᠤ ᠬᠠᠷᠢᠴᠠᠯ ᠨᠢ 1:5᠃ ᠦᠯᠡᠲᠡᠭᠰᠡᠨ 4 ᠭᠤᠯᠲᠣᠷᠢᠯ ᠨᠢ ᠠᠳᠠᠯᠢᠬᠠᠨ 15 ᠮᠧᠲᠷ ᠤᠨ ᠠᠯᠭᠠᠰᠠᠯ ᠲᠠᠢ ᠲᠣᠭᠤᠷᠢᠭ ᠨᠣᠮᠣᠨ ᠬᠡᠯᠪᠡᠷᠢᠲᠣ ᠪᠠᠶᠢᠵᠦ᠂ ᠭᠤᠯᠲᠣᠷᠢᠯ ᠤᠨ ᠨᠤᠮᠤᠯᠵᠢᠨ ᠤ ᠬᠠᠷᠢᠴᠠᠯ ᠨᠢ 1:3 ᠪᠠᠶᠢᠳᠠᠭ᠃ ᠬᠦᠬᠦᠷᠭᠡ ᠶᠢᠨ ᠲᠣᠣᠷ᠎ᠠ ᠪᠡᠶ᠎ᠡ ᠳᠤ ᠲᠠᠪᠣᠨ ᠲᠣᠮᠣ ᠵᠡᠷᠭᠡᠯᠡᠵᠦ ᠦᠢᠯᠡᠲᠦᠭᠰᠡᠨ ᠴᠢᠯᠠᠭᠤᠨ ᠲᠣᠯᠭᠠᠭᠤᠷᠢ ᠲᠠᠢ ᠪᠠᠶᠢᠳᠠᠭ᠃ ᠬᠦᠬᠦᠷᠭᠡᠨ ᠳᠡᠭᠡᠷᠡᠬᠢ ᠵᠠᠮ ᠤᠨ ᠦᠷᠭᠡᠨ ᠨᠢ 7 ᠮᠧᠳ᠋ᠷ᠂ ᠬᠦᠨᠲᠣ ᠶᠢᠨ ᠲᠠᠭᠠᠭᠠᠴᠠ ᠨᠢ ᠮᠠᠰᠢᠨ ᠲᠡᠷᠭᠡ — 13 ᠲᠣᠨ᠂ ᠴᠢᠷᠦᠭᠦᠯ ᠲᠠᠢ ᠲᠡᠷᠭᠡ — 60 ᠲᠣᠠ᠃ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠵᠠᠮ ᠬᠠᠷᠢᠯᠴᠠᠭᠠᠨ ᠤ ᠲᠢᠩᠬᠢᠮ ᠤᠨ ᠵᠠᠰᠠᠮᠠᠯ ᠵᠠᠮ ᠤᠨ ᠬᠠᠮᠢᠶᠠᠷᠣᠯᠲᠠ ᠶᠢᠨ ᠲᠣᠪᠴᠢᠶ᠎ᠠ ᠵᠢᠷᠣᠵᠦ ᠲᠦᠯᠦᠪᠯᠡᠨ᠂ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠵᠠᠮ ᠬᠠᠷᠢᠯᠴᠠᠭᠠᠨ ᠤ ᠲᠢᠩᠬᠢᠮ ᠤᠨ ᠵᠠᠰᠠᠮᠠᠯ ᠵᠠᠮ ᠤᠨ ᠬᠠᠮᠢᠶᠠᠷᠣᠯᠲᠠ ᠶᠢᠨ ᠲᠣᠪᠴᠢᠶ᠎ᠠ ᠶᠢᠨ ᠨᠢᠭᠡ᠂ ᠬᠤᠶᠠᠲᠣᠭᠠᠷ ᠪᠠᠷᠢᠯᠭ᠎ᠠ ᠶᠢᠨ ᠠᠩᠭᠢ ᠪᠠᠷᠢᠭ᠎ᠠ ᠬᠢᠵᠦ᠂ 1963 ᠣᠨ ᠤ 10 ᠰᠠᠷ᠎ᠠ ᠳᠤ ᠬᠦᠬᠦᠷᠭᠡ ᠶᠢᠨ ᠪᠦᠬᠦ ᠠᠵᠢᠯ ᠢ ᠲᠠᠭᠤᠰᠬᠠᠬᠰᠡᠨ ᠤ ᠬᠠᠮᠲᠦ ᠠᠰᠢᠬᠯᠠᠯᠲᠠ ᠳᠤ ᠣᠷᠣᠭᠤᠯᠵᠠᠢ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ