ᡁᠢ ᠵᠤ᠋ ᠱᠠᠨ ᠬᠦᠬᠦᠷᠭᠡ
ᠨᠡᠶᠢᠲᠡᠯᠡᠭᠰᠡᠨ ᠴᠠᠭ᠄
2024/7/7
    ᠵᠢᠢ ᠰᠢ ᠵᠠᠰᠠᠮᠠᠯ ᠵᠠᠮ ᠤᠨ ᠤᠯᠠᠭᠠᠨᠬᠠᠳᠠ ᠬᠤᠲᠠ ᠳᠤ ᠬᠠᠷᠢᠶᠠᠯᠠᠬᠲᠠᠬᠤ ᠬᠡᠰᠡᠭ ᠤᠨ ᠪᠠᠭᠠᠷᠢᠨ ᠵᠡᠭᠦᠨ ᠬᠤᠰᠢᠭᠤᠨ ᠤ ᠬᠢᠵᠠᠭᠠᠷ ᠲᠤ ᠪᠠᠶᠢᠭ᠎ᠠ ᠦᠯᠵᠡᠶᠢᠮᠦ᠋ᠷᠡᠨ ᠭᠤᠣᠯ ᠳᠡᠭᠡᠷᠡᠬᠢ ᠬᠦᠬᠦᠷᠭᠡ ᠪᠣᠯᠣᠨ᠎ᠡ᠃ ᠲᠦᠷᠪᠡᠨ ᠭᠤᠯᠲᠣᠷᠢᠯ ᠲᠠᠢ᠂ ᠭᠤᠯᠲᠣᠷᠢᠯ ᠪᠦᠷᠢ ᠶᠢᠨ ᠠᠯᠭᠠᠰᠠᠯ ᠨᠢ ᠴᠦᠮ 30 ᠮᠧᠲᠷ ᠤᠨ ᠡᠯᠬᠦᠭᠡ ᠬᠢᠨᠵᠢᠨ ᠬᠡᠯᠪᠡᠷᠢ ᠲᠠᠢ ᠴᠢᠯᠠᠭᠤᠨ ᠭᠤᠯᠲᠣᠩ ᠬᠦᠬᠦᠷᠭᠡ ᠪᠣᠯᠣᠨ᠎ᠡ᠃ ᠭᠤᠯᠲᠣᠷᠢᠯ ᠤᠨ ᠨᠤᠮᠤᠯᠵᠢᠨ ᠤ ᠬᠠᠷᠢᠴᠠᠯ ᠨᠢ 1:5 ᠪᠠᠶᠢᠳᠠᠭ᠃ ᠬᠦᠬᠦᠷᠭᠡ ᠶᠢᠨ ᠪᠦᠬᠦ ᠤᠷᠲᠤ ᠨᠢ 143.5 ᠮᠧᠲᠷ᠂ ᠦᠨᠲᠦᠷ ᠨᠢ 13 ᠮᠧᠲᠷ᠂ ᠬᠦᠬᠦᠷᠭᠡᠨ ᠳᠡᠭᠡᠷᠡᠬᠢ ᠵᠠᠮ ᠤᠨ ᠦᠷᠭᠡᠨ ᠨᠢ 7 ᠮᠧᠲᠷ᠂ ᠬᠦᠨᠲᠣ ᠶᠢᠨ ᠲᠠᠭᠠᠭᠠᠴᠠ ᠨᠢ ᠮᠠᠰᠢᠨ ᠲᠡᠷᠭᠡ — 13 ᠲᠣᠨ᠂ ᠴᠢᠷᠦᠭᠦᠯ ᠲᠠᠢ ᠲᠡᠷᠭᠡ — 60 ᠲᠣᠠ᠃ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠵᠠᠮ ᠬᠠᠷᠢᠯᠴᠠᠭᠠᠨ ᠤ ᠲᠢᠩᠬᠢᠮ ᠤᠨ ᠵᠠᠰᠠᠮᠠᠯ ᠵᠠᠮ ᠤᠨ ᠬᠠᠮᠢᠶᠠᠷᠣᠯᠲᠠ ᠶᠢᠨ ᠲᠣᠪᠴᠢᠶ᠎ᠠ ᠠᠴᠠ ᠵᠢᠷᠣᠵᠦ ᠲᠦᠯᠦᠪᠯᠡᠨ ᠪᠠᠷᠢᠵᠤ᠂ 1959 ᠣᠨ ᠳᠤ ᠪᠠᠷᠢᠵᠤ ᠲᠠᠭᠤᠰᠬᠠᠵᠠᠢ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ