ᠨᠠᠨ ᠭᠠᠨ ᠭᠸᠥ ᠽᠢ ᠬᠦᠬᠦᠷᠭᠡ
ᠨᠡᠶᠢᠲᠡᠯᠡᠭᠰᠡᠨ ᠴᠠᠭ᠄
2024/8/13
     ᠨᠠᠨ ᠭᠠᠨ ᠭᠸᠥ ᠽᠢ ᠬᠦᠬᠦᠷᠭᠡ ᡂᠢ ᠡᠦ ᠵᠠᠰᠠᠮᠠᠯ ᠵᠠᠮ ᠤᠨ 40  ᠺᠢᠯᠣᠮᠧᠲᠷ ᠤᠨ ᠵᠠᠢ ᠳᠤ ᠪᠠᠶᠢᠷᠢᠯᠡᠵᠦ ᠪᠠᠶᠢᠳᠠᠭ᠂ ᠬᠦᠬᠦᠷᠭᠡ ᠶᠢᠨ ᠤᠷᠲᠤ ᠨᠢ 70 ᠮᠧᠲᠷ᠂ ᠭᠠᠭᠴᠠ ᠭᠤᠯᠲᠣᠷᠢᠯ ᠲᠠᠢ᠂ ᠠᠯᠭᠠᠰᠠᠯ ᠨᠢ 50 ᠮᠧᠲᠷ ᠪᠠᠶᠢᠳᠠᠭ᠃ ᠳᠡᠭᠡᠷ᠎ᠡ ᠲᠠᠯ᠎ᠠ ᠶᠢᠨ ᠭᠤᠣᠯ ᠭᠤᠯᠳᠤᠩ ᠨᠢ ᠲᠡᠩᠴᠡᠭᠦᠦ ᠪᠤᠰᠤ ᠣᠭᠲᠣᠯᠤᠭᠠᠰᠤ ᠪᠦᠬᠦᠢ ᠲᠣᠮᠣ ᠠᠯᠭᠠᠰᠠᠯ ᠲᠠᠢ ᠡᠯᠭᠦᠭᠡ ᠬᠢᠨᠵᠢᠨ ᠬᠡᠯᠪᠡᠷᠢᠲᠤ ᠴᠢᠯᠠᠭᠤᠨ ᠭᠤᠯᠲᠣᠩ ᠪᠠᠶᠢᠵᠤ᠂ ᠴᠡᠪᠡᠷ ᠥᠨᠳᠥᠷ ᠨᠢ 8.33 ᠮᠧᠲᠷ᠂ ᠭᠤᠯᠲᠣᠩ ᠤᠨ ᠨᠤᠮᠤᠯᠵᠢᠨ ᠤ ᠬᠠᠷᠢᠴᠠᠯ ᠨᠢ 1:6 ᠪᠣᠯᠣᠨ᠎ᠠ᠃ ᠬᠦᠨᠲᠡᠢ ᠭᠤᠯᠳᠤᠩ ᠤᠨ ᠪᠦᠲᠦᠴᠡ ᠶᠢᠨ ᠬᠡᠯᠪᠡᠷᠢ ᠪᠣᠯᠣᠨ ᠭᠤᠯᠳᠣᠩ ᠤᠨ ᠲᠡᠩᠭᠡᠯᠢᠭ ᠤᠨ ᠱᠤᠭᠤᠮ ᠤᠨ ᠬᠡᠯᠪᠡᠷᠢ ᠨᠢ ᠥᠷᠬᠦᠯᠵᠢᠯᠡᠭᠰᠡᠨ ᠲᠡᠩᠴᠡᠭᠦᠦ ᠣᠭᠲᠤᠯᠤᠭᠠᠰᠤᠲᠤ ᠲᠤᠭᠤᠷᠢᠭ ᠨᠣᠮᠣᠨ ᠱᠤᠭᠤᠮ ᠲᠠᠢ ᠪᠦᠬᠦᠯᠢ ᠴᠣᠭᠴᠠᠲᠤ ᠬᠠᠪᠢᠷᠭ᠎ᠠ ᠲᠣᠯᠭᠠᠭᠤᠷ ᠦᠭᠡᠢ ᠬᠤᠣᠰ ᠮᠣᠷᠣᠢ ᠭᠤᠯᠲᠤᠩ ᠪᠠᠶᠢᠵᠤ᠂ ᠠᠯᠭᠠᠰᠠᠯ ᠤᠨ ᠴᠡᠪᠡᠷ ᠵᠠᠢ ᠨᠢ 40 ᠮᠧᠳ᠋ᠷ᠂ ᠭᠤᠯᠳᠣᠩ ᠤᠨ ᠨᠤᠮᠤᠯᠵᠢᠨ ᠤ ᠬᠠᠷᠢᠴᠠᠯ ᠨᠢ 1:4 ᠪᠣᠯᠣᠨ᠎ᠠ᠃ ᠬᠦᠬᠦᠷᠭᠡ ᠶᠢᠨ ᠲᠣᠣᠷ᠎ᠠ ᠪᠡᠶ᠎ᠡ ᠨᠢ ᠨᠢᠰᠬᠡᠯ ᠬᠡᠯᠪᠡᠷᠢ ᠲᠠᠢ ᠬᠦᠨᠲᠠᠢ ᠰᠠᠭᠤᠷᠢ ᠪᠠᠷ ᠪᠦᠷᠢᠯᠳᠦᠪᠡ᠃ ᠬᠦᠬᠦᠷᠭᠡᠨ ᠳᠡᠭᠡᠷᠡᠬᠢ ᠵᠠᠮ ᠤᠨ ᠦᠷᠭᠡᠨ ᠨᠢ 7 ᠮᠧᠲᠷ᠂ ᠬᠦᠨᠲᠣ ᠶᠢᠨ ᠲᠠᠭᠠᠭᠠᠴᠠ ᠨᠢ ᠮᠠᠰᠢᠨ ᠲᠡᠷᠭᠡ — 13 ᠲᠣᠨ᠂ ᠴᠢᠷᠦᠭᠦᠯ ᠲᠠᠢ ᠲᠡᠷᠭᠡ — 60 ᠲᠣᠠ᠃ 1968 ᠣᠨ ᠳᠤ ᠵᠤᠤ ᠤᠳᠠ ᠠᠶᠢᠮᠠᠭ ᠤᠨ ᠵᠠᠰᠠᠮᠠᠯ ᠵᠠᠮ ᠤᠨ ᠪᠠᠷᠢᠯᠭ᠎ᠠ ᠶᠢᠨ ᠠᠩᠭᠢ ᠠᠴᠠ ᠵᠢᠷᠣᠭᠯᠠᠨ ᠦᠢᠯᠡᠳᠴᠦ᠂ 1969 ᠣᠨ ᠳᠤ ᠪᠠᠷᠢᠯᠭ᠎ᠠ ᠳᠠᠭᠤᠰᠴᠦ ᠲᠡᠷᠭᠡ ᠨᠡᠪᠲᠡᠷᠡᠪᠡ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ