ᠲᠠᠯᠬᠡᠷ
  
2024/8/25
ᠲᠠᠯᠬᠡᠷ ( 1904-194᠂5 )     ᠲᠠᠯᠬᠡᠷ ᠂ ᠡᠷᠡᠭᠲᠡᠶ ᠂ ᠮᠣᠩᠭᠣᠯ ᠦᠨᠳᠦᠰᠦᠲᠡᠨ ᠂ ᠬᠢᠲᠠᠳ ᠨᠡᠷ᠎ᠡ ᠨᠢᠩ ᠴᠦᠨ ᠹᠠ᠃ 1904 ᠣᠨ ᠳᠤ ᠥᠪᠥᠷ ᠮᠣᠩᠭᠣᠯ ᠤᠨ ᠬᠡᠰᠢᠭᠲᠡᠨ ᠬᠣᠰᠢᠭᠤᠨ ᠤ ᠳ᠋ᠠ ᠸᠠᠩ ᠮᠢᠶᠣᠣ ᠰᠦᠮ᠎ᠡ ᠶᠢᠨ ᠨᠢᠭᠡᠨ ᠭᠠᠤᠯᠢᠨ ᠳᠠᠷᠬᠠᠨ ᠤ ᠭᠡᠷ ᠲᠦ ᠲᠥᠷᠥᠵᠡᠢ᠃ ᠪᠠᠭ᠎ᠠ ᠳ᠋ᠦ᠋ᠨᠢ ᠭᠡᠷ ᠨᠢ ᠶᠠᠳᠠᠭᠤ ᠪᠣᠯᠬᠣᠷ 9 ᠨᠠᠰᠤᠲᠠᠶ ᠪᠠᠶᠢᠬᠤ ᠳᠠᠭᠠᠨ ᠪᠢᠷᠠᠭᠤ ᠳᠦ ᠣᠴᠢᠵᠤ ᠼᠦᠢ ᠢᠩ ᠪᠠᠭ᠎ᠠ ᠰᠤᠷᠭᠠᠭᠤᠯᠢ ᠳᠤ《 ᠵᠠᠷᠤᠴᠠ 》ᠪᠣᠯᠵᠠᠢ ᠃ ᠲᠡᠷᠡ ᠠᠵᠢᠯᠴᠢ ᠮᠥᠷᠲᠡᠭᠡᠨ ᠬᠤᠷᠴᠠ ᠰᠡᠷᠭᠦᠯᠡᠩ ᠪᠠᠶᠢᠵᠤ᠂ ᠠᠵᠢᠯ  ᠢᠶᠠᠨ ᠳᠠᠭᠤᠰᠬᠠᠭᠠᠳ ᠴᠣᠩᠬᠣᠨ ᠭᠠᠳᠠᠨ᠎ᠠ ᠵᠣᠭᠰᠣᠵᠤ ᠬᠢᠴᠢᠶᠡᠯ ᠰᠣᠨᠣᠰᠳᠠᠭ ᠪᠠᠶᠢᠵᠠᠢ ᠂ ᠰᠤᠷᠭᠠᠭᠤᠯᠢ ᠶᠢᠨ ᠳᠠᠷᠤᠭ᠎ᠠ ᠶᠤᠸᠠᠢ ᠬᠣᠩ ᠵᠢᠶ ᠲᠡᠭᠦᠨ ᠦ ᠥᠭᠡᠳᠡ ᠲᠡᠶ ᠦᠵᠡᠵᠦ ᠂ ᠬᠠᠭᠠᠰ ᠵᠢᠯ ᠦᠨ ᠳᠠᠷᠠᠭ᠎ᠠ ᠲᠥᠯᠥᠪᠦᠷᠢ ᠦᠭᠡᠶ ᠪᠡᠷ ᠰᠤᠷᠭᠠᠭᠤᠯᠢ ᠳᠤ ᠪᠢᠴᠢᠭ ᠦᠵᠡᠭᠦᠯᠵᠡᠢ᠃     1924 ᠣᠨ ᠤ 8 ᠰᠠᠷ᠎ᠠ ᠳᠤ ᠂ ᠯᠸ ᠵᠢᠩ ᠲᠤᠤ ᠂ ᠯᠸ ᠬᠣᠩ ᠵᠢᠶ ᠬᠡᠰᠢᠭᠲᠡᠨ ᠬᠣᠰᠢᠭᠤᠨ ᠳᠦ ᠳᠡᠯᠭᠡᠷ ᠵᠡᠷᠭᠡ ᠬᠡᠳᠦᠨ ᠠᠷᠪᠠᠨ ᠵᠠᠯᠠᠭᠤᠴᠤᠳ ᠢ ᠵᠣᠬᠢᠶᠠᠨ ᠪᠠᠶᠢᠭᠤᠯᠵᠤ  ᠬᠠᠯᠬ᠎ᠠ ᠶᠢᠨ ᠤᠯᠠᠭᠠᠨᠪᠠᠭᠠᠲᠤᠷ ᠤᠨ ᠴᠡᠷᠢᠭ ᠦᠨ ᠨᠣᠶᠠᠳ ᠤᠨ ᠰᠤᠷᠭᠠᠭᠤᠯᠢ ᠳᠤ  ᠰᠤᠷᠤᠯᠴᠠᠭᠤᠯᠵᠤ᠂  ᠳᠡᠯᠭᠡᠷ ᠬᠡᠰᠢᠭᠲᠡᠨ ᠬᠣᠰᠢᠭᠤᠨ ᠤ ᠳᠤᠭᠤᠶᠢᠯᠠᠩ ᠤᠨ ᠬᠠᠷᠢᠭᠤᠴᠠᠯᠭᠠᠲᠠᠨ ᠪᠣᠯᠵᠠᠢ ᠂ ᠯᠦ ᠵᠢᠢ ᠰᠠᠨ ( ᠬᠡᠰᠢᠭᠲᠡᠨ ᠬᠦᠮᠦᠨ᠂ ᠥᠪᠥᠷ ᠠᠷᠠᠳ ᠤᠨ ᠨᠠᠮ ᠤᠨ ᠡᠭᠦᠳᠦᠨ ᠪᠠᠶᠢᠭᠤᠯᠤᠭᠴᠢ ᠶᠢᠨ ᠨᠢᠭᠡ ) ᠪᠠᠷ ᠳᠠᠮᠵᠢᠨ ᠰᠤᠷᠭᠠᠭᠤᠯᠢ ᠶᠢᠨ ᠳᠠᠷᠤᠭ᠎ᠠ ᠴᠣᠶᠢᠪᠠᠯᠰᠠᠩ ᠮᠠᠷᠱᠠᠯ ᠲᠠᠢ ᠰᠠᠶᠢᠨ ᠨᠠᠶᠢᠵᠠ ᠪᠣᠯᠵᠠᠢ ᠂ ᠦᠷᠭᠦᠯᠵᠢ ᠴᠣᠶᠢᠪᠠᠯᠰᠠᠩ ᠤᠨ ᠭᠡᠷ ᠲᠦ ᠣᠴᠢᠳᠠᠭ ᠪᠠᠶᠢᠵᠠᠢ᠃     1925 ᠣᠨ ᠤ 10 ᠰᠠᠷ᠎ᠠ ᠳᠤ ᠂ ᠥᠪᠥᠷ ᠮᠣᠩᠭᠣᠯ ᠤᠨ ᠠᠷᠠᠳ ᠤᠨ ᠬᠤᠪᠢᠰᠬᠠᠯᠲᠤ ᠨᠠᠮ ᠪᠠᠶᠢᠭᠤᠯᠤᠭᠳᠠᠭᠰᠠᠨ ᠤ ᠲᠠᠷᠠᠭ᠎ᠠ ᠂ ᠨᠢᠭᠡ ᠪᠦᠯᠦᠭ ᠵᠠᠯᠠᠭᠤᠴᠤᠳ ᠢ ᠵᠣᠬᠢᠶᠠᠨ ᠪᠠᠶᠢᠭᠤᠯᠵᠤ ᠂ ᠵᠦᠪᠯᠡᠯᠳᠤ ᠬᠣᠯᠪᠣᠭᠠᠲᠤ ᠤᠯᠤᠰ ᠲᠤ ᠬᠦᠷᠭᠡᠵᠦ ᠣᠴᠢᠭᠤᠯᠵᠠᠢ᠂   ᠢᠩᠬᠢᠭᠡᠳ ᠳᠡᠯᠭᠡᠷ ᠮᠣᠰᠺᠸᠠ ᠶᠢᠨ ᠳᠣᠷᠣᠨᠠᠳᠠᠬᠢᠨ ᠤ ᠶᠡᠬᠡ ᠰᠤᠷᠭᠠᠭᠤᠯᠢ ᠳᠤ ᠤᠷᠤᠭᠰᠠᠨ ᠪᠠᠶᠢᠨ᠎ᠠ᠃ ᠰᠤᠷᠭᠠᠭᠤᠯᠢ ᠳᠤ ᠪᠠᠶᠢᠬᠤ ᠳᠠᠭᠠᠨ ᠯᠧᠨᠢᠨ ᠦ ᠦᠵᠡᠯ ᠤᠨ ᠡᠪ ᠬᠠᠮᠲᠤ ᠵᠠᠯᠠᠭᠤᠴᠤᠳ ᠤᠨ ᠡᠪᠯᠡᠯ ᠪᠠ ᠵᠦᠪᠯᠡᠯᠳᠦ ᠬᠣᠯᠪᠣᠭᠠᠲᠤ ᠤᠯᠤᠰ ᠤᠨ ᠡᠪ ᠬᠠᠮᠲᠤ ᠨᠠᠮ ᠳᠤ ᠣᠷᠣᠵᠠᠢ ᠃ 1929 ᠣᠨ ᠤ 6 ᠰᠠᠷ᠎ᠠ ᠳᠤ ᠲᠠᠯᠬᠡᠷ ᠰᠤᠷᠤᠯᠭ᠎ᠠ ᠳᠡᠭᠦᠰᠴᠦ ᠂ ᠭᠤᠷᠪᠠᠳᠤᠭᠠᠷ ᠢᠨᠲ᠋ᠧᠷᠨᠠᠼᠢᠣᠨᠠᠯ ᠤᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠯᠥᠭᠡᠯᠡᠭᠴᠢ ᠴᠢᠦᠶ ᠴᠢᠦ ᠪᠠᠶ ᠲᠡᠭᠦᠨ ᠢ ᠬᠦᠯᠢᠶᠡᠨ ᠠᠪᠴᠤ ᠠᠭᠤᠯᠵᠠᠬᠤ ᠶᠢᠨ ᠵᠡᠷᠭᠡᠪᠡᠷ ᠲᠡᠮᠦᠷᠪᠠᠭᠠᠨ᠎ᠠ ᠂ ᠤᠯᠠᠭᠠᠨᠬᠦᠦ ᠂ ᠹᠥᠸᠧ ᠳ᠋ᠢᠩ ᠂  ᠫᠣᠩᠰᠣᠭ  ᠨᠠᠷ ᠢ ᠬᠦᠯᠢᠶᠡᠨ ᠠᠪᠴᠤ ᠠᠭᠤᠯᠵᠠᠭᠰᠠᠨ  ᠪᠠᠶᠢᠨ᠎ᠠ᠃ ᠲᠡᠳᠡᠨ ᠳᠦ ᠤᠯᠤᠰ ᠲᠠᠭᠠᠨ ᠪᠤᠴᠠᠭᠰᠠᠨ ᠤ ᠳᠠᠷᠠᠭᠠᠬᠢ ᠬᠤᠪᠢᠰᠬᠠᠯ ᠤᠨ ᠡᠭᠦᠷᠭᠡ ᠂ ᠠᠵᠢᠯ ᠤᠨ ᠭᠣᠣᠯᠳᠠᠯᠭ᠎ᠠ ᠬᠢᠭᠡᠳ ᠤᠯᠤᠰ ᠲᠠᠭᠠᠨ ᠪᠤᠴᠠᠬᠤ ᠵᠠᠮ ᠢ ᠪᠠᠶᠢᠷᠢᠯᠠᠭᠤᠯᠵᠤ᠂ ᠡᠭᠦᠨ ᠦ ᠵᠡᠷᠭᠡᠴᠡᠭᠡᠪᠡᠷ 5 ᠬᠥᠮᠦᠨ ᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠢᠶᠠᠷ ᠡᠯᠰᠡᠵᠡᠢ ᠃      ᠲᠠᠯᠬᠡᠷ ᠵᠡᠷᠭᠡ 5 ᠬᠥᠮᠦᠨ ᠭᠠᠯᠲᠤ ᠲᠡᠷᠭᠡ ᠪᠡᠷ ᠤᠯᠠᠭᠠᠨᠪᠠᠭᠠᠲᠤᠷ ᠲᠤ ᠬᠥᠷᠥᠭᠰᠡᠨ ᠦ ᠳᠠᠷᠠᠭ᠎ᠠ ᠂ ᠭᠤᠷᠪᠠᠨ ᠵᠠᠮ ᠬᠤᠪᠢᠶᠠᠨ ᠥᠪᠥᠷ ᠮᠣᠩᠭᠣᠯ ᠳᠦ ᠡᠭᠡᠵᠡᠢ᠃ ᠫᠣᠩᠰᠣᠭ᠂ ᠲᠡᠮᠦᠷᠪᠠᠭᠠᠨ᠎ᠠ ᠥᠪᠥᠷ ᠮᠣᠩᠭᠣᠯ ᠤᠨ ᠵᠡᠭᠦᠨ ᠬᠡᠰᠡᠭ ᠲᠤ ᠪᠤᠴᠠᠵᠤ ᠂ ᠤᠯᠠᠭᠠᠨᠬᠦᠦ ᠂ ᠹᠥᠸᠧ ᠳ᠋ᠢᠩ ᠥᠪᠥᠷ ᠮᠣᠩᠭᠣᠯ ᠤᠨ ᠪᠠᠷᠠᠭᠤᠨ ᠬᠡᠰᠡᠭ ᠲᠤ ᠪᠤᠴᠠᠵᠤ ᠂ ᠲᠠᠯᠬᠡᠷ ᠵᠣᠣ ᠤᠳᠠ ᠂ ᠰᠢᠯᠢ ᠶᠢᠨ ᠭᠣᠣᠯ ᠂ ᠴᠠᠬᠠᠷ ᠣᠷᠴᠢᠮ ᠬᠠᠷᠢᠵᠤ ᠠᠵᠢᠯᠯᠠᠵᠠᠢ᠃ ᠳᠠᠷᠠᠭ᠎ᠠ ᠨᠢ ᠂  ᠬᠡᠰᠢᠭᠲᠡᠨ ᠬᠣᠰᠢᠭᠤ ᠶᠢᠨ ᠳ᠋ᠡ ᠸᠠᠩ ᠮᠢᠶᠣᠣ ᠰᠦᠮ᠎ᠡ ᠳᠦ ᠣᠴᠢᠵᠤ ᠂ ᠡᠭᠦᠨ ᠢᠶᠡᠷ ᠰᠠᠭᠤᠷᠢᠨ ᠭᠠᠵᠠᠷ ᠪᠤᠯᠭᠠᠵᠤ ᠥᠪᠥᠷ ᠮᠣᠩᠭᠣᠯ ᠤᠨ ᠠᠷᠠᠳ ᠤᠨ ᠬᠤᠪᠢᠰᠬᠠᠯᠲᠤ ᠨᠠᠮ ᠤᠨ ᠡᠭᠦᠷ ᠢ ᠪᠠᠶᠢᠭᠤᠯᠵᠤ ᠥᠯᠵᠡᠶᠢᠸᠠᠴᠢᠷ ᠵᠢᠴᠢ ᠵᠦᠪᠯᠡᠯᠳᠦ ᠬᠣᠯᠪᠣᠭᠠᠲᠤ ᠤᠯᠤᠰ ᠪᠠ ᠠᠷᠤ ᠮᠣᠩᠭᠣᠯ ᠠᠴᠠ ᠪᠤᠴᠠᠵᠤ ᠢᠷᠡᠭᠰᠡᠨ ᠵᠤᠤ ᠳ᠋ᠠᠶ ᠳ᠋ᠸ ᠂  ᠪᠥᠬᠡᠪᠠᠶᠠᠷ ᠂ ᠸᠠᠩ ᠶᠢᠩ ᠵᠸᠤ ᠂ ᠴᠧᠨ ᠵᠧᠨ ᠬᠤᠸᠠ ᠵᠡᠷᠭᠡ ᠨᠠᠢᠢᠳᠠ 15 ᠬᠥᠮᠦᠨ ᠢ ᠡᠯᠰᠡᠵᠡᠶ ᠃ ᠲᠡᠳᠡ ᠦᠷᠭᠦᠯᠵᠢ ᠳ᠋ᠠ ᠸᠠᠩ ᠮᠢᠶᠣᠣ ᠰᠦᠮ᠎ᠡ ᠶᠢᠨ ᠶᠠᠩ ᠲᠧᠦ ᠡᠮ ᠦᠨ ᠫᠦᠰᠡ ᠳᠦ ᠴᠤᠭᠯᠠᠷᠠᠳᠠᠭ᠃  ᠲᠡᠳᠡ ᠳ᠋ᠠ ᠸᠠᠩ ᠮᠢᠶᠣᠣ ᠰᠦᠮ᠎ᠡ ᠶᠢᠨ ᠪᠠᠷᠠᠭᠤᠨ ᠡᠮᠦᠨᠡᠲᠦ ᠶᠢᠨ ᠪᠤᠷᠬᠠᠨ ᠴᠢᠯᠠᠭᠤᠨ ᠠᠭᠤᠯᠠ( ᠰᠢᠳᠠᠮ ᠠᠭᠤᠯᠠ ) ᠶᠢᠨ ᠳᠡᠭᠡᠷᠡᠬᠢ ᠰᠡᠷᠪᠡᠭᠡ ᠬᠠᠳᠠ ᠪᠡᠷ ᠲᠤᠬᠢᠶ᠎ᠠ ᠪᠣᠯᠭᠠᠵᠤ ( ᠡᠮᠦᠨᠡᠰᠢ ᠬᠡᠯᠪᠡᠶᠢᠪᠡᠯ ᠬᠤᠪᠢᠷᠠᠯᠲᠠ ᠲᠠᠢ ᠂  ᠬᠣᠶᠢᠰᠢ ᠪᠠᠨ ᠬᠡᠯᠪᠡᠶᠢᠪᠡᠯ ᠠᠮᠤᠷ ᠠᠮᠤᠭᠤᠯᠠᠩ )᠂ ᠲᠠᠯᠬᠡᠷ ᠦᠨ ᠠᠪᠤ ᠵᠠᠮᠰᠤ ᠪᠠᠷ ᠬᠣᠯᠪᠣᠭᠠᠴᠢᠨ ᠪᠣᠯᠭᠠᠭᠰᠠᠨ ᠶᠤᠮ ᠃ ᠳᠡᠯᠭᠡᠷ ᠬᠣᠵᠢᠮ ᠨᠢ ᠪᠢᠷᠠᠭᠤ ᠨᠢᠭᠡᠳᠦᠭᠡᠷ ᠪᠦᠷᠢᠨ ᠪᠠᠭ᠎ᠠ ᠰᠤᠷᠭᠠᠭᠤᠯᠢ ᠶᠢᠨ ᠪᠠᠭᠰᠢ ᠶᠢᠨ ᠨᠡᠷ᠎ᠡ ᠪᠡᠷ ᠬᠠᠯᠬᠠᠪᠴᠢ ᠪᠣᠯᠭᠠᠵᠤ᠂ ᠨᠢᠭᠤᠴᠠ ᠠᠵᠢᠯ ᠬᠢᠵᠦ ᠪᠠᠶᠢᠪᠠ ᠃ 1931 ᠣᠨ ᠳᠤ 《 ᠥᠪᠥᠷ ᠠᠷᠠᠳ ᠤᠨ ᠨᠠᠮ 》 ᠤᠨ ᠭᠡᠰᠢᠭᠦᠨ ᠬᠥᠭᠵᠢᠭᠡᠳ ᠨᠢᠭᠡᠨᠲᠡ 30 ᠭᠠᠷᠤᠶ ᠬᠥᠮᠦᠰ ᠲᠠᠢ ᠪᠣᠯᠣᠭᠰᠠᠨ ᠪᠥᠭᠡᠳ ᠨᠢᠭᠡᠨᠲᠡ ᠴᠡᠷᠢᠭ ᠵᠠᠰᠠᠭ ᠬᠤᠳᠠᠯᠳᠤᠭᠠᠨ ᠤ ᠡᠯ᠎ᠡ ᠡᠲᠡᠭᠡᠳ ᠲᠤ ᠴᠦᠮ ᠨᠡᠪᠴᠢᠨ ᠤᠷᠤᠭᠰᠠᠨ ᠪᠠᠶᠢᠵᠠᠢ ᠂ ᠵᠢᠱᠢᠶᠡᠯᠡᠪᠡᠯ ᠳ᠋ᠡ ᠸᠠᠩ ᠮᠢᠶᠣᠣ ᠰᠦᠮ᠎ᠡ ᠶᠢᠨ ᠴᠠᠭᠳᠠᠭ᠎ᠠ ᠶᠢᠨ ᠵᠠᠬᠢᠷᠭ᠎ᠠ ᠶᠢᠨ ᠵᠣᠣ ᠵᠢᠷᠠᠨᠲᠠᠢ ᠵᠡᠷᠭᠡ ᠶᠢ ᠨᠠᠮ ᠤᠨ ᠭᠡᠰᠢᠭᠦᠨ ᠪᠣᠯᠭᠠᠨ ᠬᠥᠮᠥᠵᠢᠭᠦᠯᠵᠡᠢ ᠃ ᠬᠠᠭᠠᠰ ᠵᠢᠯ ᠦᠨ ᠲᠠᠷᠠᠭ᠎ᠠ ᠥᠪᠥᠷ ᠠᠷᠠᠳ ᠤᠨ ᠨᠠᠮ ᠤᠨ ᠡᠭᠦᠷ  ᠳ᠋ᠡ ᠸᠠᠩ ᠮᠢᠶᠣᠣ ᠰᠦᠮ᠎ᠡ ᠡᠴᠡ ᠪᠢᠷᠠᠭᠤ ᠳᠦ ᠨᠡᠭᠦᠨ ᠢᠷᠡᠵᠦ ᠂ ᠠᠵᠢᠯᠯᠠᠭᠠᠨ ᠤ ᠭᠠᠵᠠᠷ ᠨᠢ ᠢᠦᠢ ᠰᠢᠩ ᠵᠠᠨ ᠳᠤ ᠪᠠᠶᠢᠵᠤ ᠂ ᠪᠠᠰᠠ ᠴᠢᠩ ᠳᠧ ᠵᠧᠩ ᠂ ᠲᠢᠶᠠᠨ ᠱᠦᠨ ᠰᠢᠩ ᠵᠢᠴᠢ ᠯᠢᠨᠰᠢ ᠂ ᠺᠠᠶᠢᠯᠦ ᠂ ᠪᠡᠶᠢᠰᠡ ᠶᠢᠨ ᠰᠦᠮ᠎ᠡ ( ᠤᠳᠤ ᠶᠢᠨ ᠰᠢᠯᠢ ᠶᠢᠨ ᠬᠤᠳᠠ )᠂  ᠴᠢᠭᠤᠯᠤᠯᠲᠤ ᠬᠠᠭᠠᠯᠭ᠎ᠠ ᠳᠤ ᠬᠣᠯᠪᠣᠭᠠᠨ ᠤ ᠭᠠᠵᠠᠷ ᠪᠠᠶᠢᠭᠤᠯᠵᠠᠶ ᠃ ᠢᠦᠢ ᠰᠢᠩ ᠵᠠᠨ ᠠᠴᠠ ᠤᠯᠠᠭᠠᠨᠪᠠᠭᠠᠲᠤᠷ ᠬᠤᠭᠤᠷᠤᠨᠳᠤᠬᠢ ᠨᠢᠭᠤᠴᠠ ᠵᠠᠮ ᠬᠠᠷᠢᠯᠴᠠᠭᠠᠨ ᠤ ᠱᠤᠭᠤᠮ ᠢ ᠨᠡᠭᠡᠭᠡᠵᠦ ᠂ ᠡᠭᠦᠨ ᠦ ᠤᠯᠠᠮ ᠠᠴᠠ ᠬᠡᠰᠢᠭᠲᠡᠨ ᠬᠣᠰᠢᠭᠤ ᠨᠢ ᠨᠢᠭᠡᠨ ᠦᠶ᠎ᠡ ᠭᠤᠷᠪᠠᠳᠤᠭᠠᠷ ᠢᠨᠲ᠋ᠧᠷᠨᠠᠼᠢᠣᠨᠠᠯ ᠡᠴᠡ ᠬᠤᠪᠢᠰᠬᠠᠯᠲᠤ ᠨᠠᠮᠳᠠᠨ ᠢ ᠤᠯᠤᠰ ᠲᠤ ᠨᠢ ᠲᠣᠮᠢᠯᠠᠬᠤ《 ᠵᠥᠭᠡᠭᠡᠪᠦᠷᠢᠯᠡᠬᠦ ᠥᠷᠲᠡᠭᠡ 》 ᠪᠣᠯᠣᠭᠰᠠᠨ ᠪᠠᠶᠢᠨ᠎ᠠ ᠃      ᠲᠠᠯᠬᠡᠷ ᠵᠥᠪᠯᠡᠯᠳᠤ ᠬᠣᠯᠪᠣᠭᠠᠲᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠮᠥᠨ ᠮᠥᠷᠲᠡᠭᠡᠨ ᠪᠠᠰᠠ ᠴᠤ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠪᠠᠶᠢᠵᠤ ᠂ ᠣᠷᠣᠰ ᠬᠡᠯᠡ ᠳᠤ ᠴᠠᠭᠠᠷᠠᠵᠤ ᠂ 1931-1937ᠣᠨ ᠳᠤ ᠵᠠᠷᠯᠢᠭ ᠢᠶᠠᠷ ᠭᠤᠷᠪᠠᠳᠤᠭᠠᠷ ᠢᠨᠲ᠋ᠧᠷᠨᠠᠼᠢᠣᠨᠠᠯ ᠤᠨ ᠪᠸᠢᠢᠫᠢᠩ ᠳ᠋ᠤ ᠰᠠᠭᠤᠭ᠎ᠠ ᠶᠡᠷᠦᠩᠬᠡᠶ ᠬᠠᠷᠢᠯᠴᠠᠭᠴᠢ ᠶᠢᠨ ᠲᠤᠰᠢᠶᠠᠯ ᠢ ᠬᠠᠷᠢᠭᠤᠴᠠᠭᠰᠠᠨ ᠪᠠᠶᠢᠨ᠎ᠠ ᠃ ᠲᠡᠷᠡ ᠪᠸᠢᠢᠫᠢᠡᠭ ᠳᠦ ᠰᠤᠷᠤᠭᠴᠢ ᠶᠢᠨ ᠨᠡᠷ᠎ᠡ ᠪᠡᠷ ᠬᠠᠯᠬᠠᠪᠴᠢ ᠪᠣᠯᠭᠠᠨ ᠂ ᠡᠬᠢᠨ ᠦ ᠦᠶ᠎ᠡ ᠳᠦ ᠮᠣᠩᠭᠣᠯ ᠤᠨ  ᠰᠢᠨᠵᠢᠶᠠᠩ ᠤᠨ ᠳ᠋ᠸ ᠸᠠᠩ  ᠤᠨ ᠪᠸᠢᠢᠫᠢᠩ ᠳ᠋ᠤ ᠰᠠᠭᠤᠭ᠎ᠠ ᠬᠡᠷᠡᠭ ᠡᠷᠬᠢᠯᠡᠬᠦ ᠭᠠᠵᠠᠷ ᠤᠨ ᠡᠷᠬᠢᠯᠡᠭᠴᠢ ᠪᠦᠦ ᠶᠤᠸᠠᠢ ᠴᠢᠩ ᠤᠨ ᠭᠡᠷ ᠲᠦ ᠰᠠᠭᠤᠵᠤ᠂ ᠬᠤᠸᠠ ᡁᠢ ᠠᠨ ᠂ ᠴᠧᠨ ᡁᠢ ᠵᠦᠩ ᠭᠡᠵᠦ ᠨᠡᠷ᠎ᠡ ᠪᠤᠷᠤᠭᠤᠯᠠᠵᠠᠢ᠃     1935 ᠣᠨ ᠳᠤ ᠭᠣᠮᠢᠨᠳᠠᠩ ᠤᠨ ᠵᠠᠰᠠᠭ ᠤᠨ ᠣᠷᠳᠣᠨ ᠤ 《 ᠭᠠᠳᠠᠭᠠᠳᠤ ᠶᠢ ᠡᠰᠡᠷᠭᠦᠴᠡᠬᠦ ᠳᠦ ᠤᠷᠢᠳᠠᠪᠠᠷ ᠳᠣᠲᠣᠭᠠᠳᠤ ᠪᠠᠨ ᠲᠦᠪᠰᠢᠳᠬᠡᠬᠦ ᠬᠡᠷᠡᠭᠲᠡᠶ 》᠂  ᠭᠡᠰᠡᠨ ᠲᠡᠷᠰᠯᠡᠭᠦᠦ ᠲᠦᠷᠦ ᠶᠢᠨ ᠪᠤᠳᠤᠯᠭ᠎ᠠ ᠶᠢᠨ ᠳᠣᠣᠷ᠎ᠠ ᠂ ᠲᠠᠯᠬᠡᠷ ᠪᠸᠢᠢᠫᠢᠩ  ᠳᠦ ᠠᠳᠠᠯᠢ ᠪᠤᠰᠤ ᠠᠷᠭ᠎ᠠ ᠮᠠᠶ᠋ᠢᠭ ᠪᠡᠷ ᠡᠯ᠎ᠡ ᠵᠦᠢᠯ ᠦᠨ ᠬᠥᠮᠦᠰ ᠲᠡᠶ ᠠᠭᠤᠯᠵᠠᠬᠤ  ᠡᠴᠡ ᠭᠠᠳᠠᠨ᠎ᠠ ᠪᠠᠰᠠ ᠦᠷᠭᠦᠯᠵᠢ ᠮᠣᠩᠭᠣᠯ ᠤᠨ ᠬᠤᠳᠠᠯᠳᠤᠭᠠᠴᠢᠨ ᠤ ᠬᠤᠪᠢ ᠪᠠᠷ ᠬᠥᠬᠡᠬᠣᠲᠠ ᠂  ᠪᠤᠭᠤᠲᠤ ᠂ ᠵᠢᠨᠢᠩ ᠵᠡᠷᠭᠡ ᠭᠠᠵᠠᠷ  ᠢᠶᠠᠷ ᠬᠣᠯᠪᠣᠭ᠎ᠠ ᠠᠪᠴᠤ᠂ ᠵᠣᠬᠢᠶᠠᠨ ᠪᠠᠶᠢᠭᠤᠯᠤᠯᠲᠠ ᠪᠠᠨ ᠬᠥᠭᠵᠢᠭᠦᠯᠵᠦ ᠂ ᠮᠡᠳᠡᠭᠡ ᠴᠤᠭᠯᠠᠭᠤᠯᠬᠤ ᠂ ᠤᠯᠠᠨ ᠲᠦᠮᠡᠨ ᠢ ᠤᠬᠠᠭᠤᠯᠬᠤ  ᠵᠡᠷᠭᠡ ᠠᠵᠢᠯ ᠢ ᠬᠢᠵᠦ ᠪᠠᠶᠢᠵᠠᠢ᠃     1937 ᠣᠨ ᠤ 《 ᠲᠤᠯᠤᠭᠠᠨ ᠰᠠᠷ᠎ᠠ ᠶᠢᠨ ᠲᠤᠯᠤᠭᠠᠨ》 ᠤ ᠬᠡᠷᠡᠭ ᠬᠤᠪᠢᠰᠤᠯ ᠠᠴᠠ ᠡᠮᠦᠨᠡᠬᠡᠨ ᠂ ᠲᠠᠯᠬᠡᠷ ᠪᠡᠭᠡᠵᠢᠩ ᠡᠴᠡ ᠰᠠᠯᠵᠤ ᠂ ᠬᠦᠢᠰᠦ᠋ᠢ ( ᠬᠥᠬᠡᠬᠣᠲᠠ )  ᠪᠠᠷ ᠳᠠᠮᠵᠢᠨ ᠨᠢᠩᠰᠢᠶᠠ ᠳᠤ ᠬᠦᠷᠴᠡᠢ᠃1938 ᠣᠨ ᠤ 2 ᠰᠠᠷ᠎ᠠ ᠳᠤ ᠲᠠᠯᠬᠡᠷ ᠵᠠᠷᠯᠢᠭ ᠢᠶᠠᠷ ᠪᠥᠬᠥᠳᠡ ᠨᠠᠶᠢᠷᠠᠮᠳᠠᠬᠤ ᠮᠣᠩᠭᠣᠯ ᠠᠷᠠᠳ ᠤᠯᠤᠰ ᠲᠤ ᠣᠴᠢᠵᠤ ᠭᠤᠷᠪᠠᠳᠤᠭᠠᠷ ᠢᠨᠲ᠋ᠧᠷᠨᠠᠼᠢᠣᠨᠠᠯ ᠲᠤ ᠠᠵᠢᠯ ᠶᠢᠨ ᠮᠡᠳᠡᠭᠦᠯᠵᠡᠢ ᠃ ᠬᠦᠢᠰᠦ᠋ᠢ ( ᠬᠥᠬᠡᠬᠣᠲᠠ ) ᠳᠦ ᠬᠦᠷᠦᠭᠡᠳ ᠥᠯᠵᠡᠶᠢᠸᠠᠴᠢᠷ ᠲᠤ ᠄ 《 ᠡᠨᠡ ᠤᠳᠠᠭ᠎ᠠ ᠠᠷᠤ ᠮᠣᠩᠭᠣᠯ ᠳᠤ ᠪᠠᠷᠤᠭ 40 ᠡᠳᠦᠷ ᠣᠷᠴᠢᠮ ᠪᠣᠯᠣᠮᠠᠭᠴᠠ ᠪᠣᠴᠠᠵᠤ ᠢᠷᠡᠨ᠎ᠡ 》 ᠭᠡᠵᠡᠢ ᠃ ᠭᠡᠳᠡᠯ᠎ᠡ ᠡᠨᠡ ᠤᠳᠠᠭ᠎ᠠ ᠬᠠᠷᠢᠨ  ᠪᠣᠴᠠᠵᠤ ᠢᠷᠡᠵᠦ ᠲᠡᠶᠢᠯᠦᠭᠰᠡᠨ ᠦᠭᠡᠢ ᠃ ᠲᠡᠭᠦᠨ ᠦ ᠲᠤᠬᠠᠢ ᠬᠤᠶᠠᠷ ᠶᠠᠩᠵᠤ ᠪᠠᠷ ᠬᠡᠯᠡᠯᠴᠡᠳᠡᠭ᠄ ᠨᠢᠭᠡ ᠨᠢ ᠮᠣᠩᠭᠣᠯ ᠤᠯᠤᠰ ᠤᠨ ᠬᠤᠪᠢᠰᠬᠠᠯ ᠤᠨ ᠡᠰᠡᠷᠭᠦᠴᠦᠳ ᠢ ᠴᠡᠪᠡᠷᠯᠡᠨ ᠠᠷᠢᠯᠭᠠᠬᠤ ᠳᠤ ᠳᠠᠷᠤᠩᠭᠤᠶᠢᠯᠠᠭᠳᠠᠵᠠᠢ ᠭᠡᠳᠡᠭ ᠂ ᠨᠥᠭᠥᠭᠡ ᠨᠢ ᠤᠯᠤᠰ  ᠲᠠᠭᠠᠨ ᠬᠠᠷᠢᠬᠤ ᠵᠠᠮ ᠳᠠᠭᠠᠨ ᠶᠠᠫᠣᠨ ᠴᠡᠷᠢᠭ ᠲᠦ ᠠᠯᠠᠭᠳᠠᠵᠠᠶ ᠭᠡᠳᠡᠭ ᠃ ᠳᠠᠬᠢᠪᠠᠯ ᠪᠠᠰᠠ ᠫᠣᠩᠰᠣᠭ ᠤᠨ ᠬᠡᠯᠡᠬᠦ ᠪᠡᠷ ᠲᠠᠯᠬᠡᠷ 1945 ᠣᠨ ᠤ 7 ᠰᠠᠷ᠎ᠠ ᠳᠤ ᠠᠷᠤ ᠮᠣᠩᠭᠣᠯ ᠡᠴᠡ ᠤᠯᠤᠰ  ᠲᠠᠭᠠᠨ ᠪᠤᠴᠠᠬᠤ ᠵᠠᠮ ᠳᠠᠭᠠᠨ ᠶᠠᠫᠣᠨ ᠤ ᠳᠡᠭᠡᠷᠡᠮᠴᠦᠳ ᠪᠠᠲᠤᠬᠠᠭᠠᠯᠭ᠎ᠠ ( ᠪᠤᠶᠤ ᠴᠠᠩᠴᠦ᠋ᠨ) ᠳᠦ ᠪᠠᠷᠢᠪᠴᠢᠯᠠᠨ ᠠᠯᠠᠵᠠᠢ ᠭᠡᠳᠡᠭ ᠃     1949 ᠣᠨ ᠳᠤ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠣᠷᠢᠶᠠᠨ ᠤ ᠵᠣᠬᠢᠶᠠᠨ ᠪᠠᠶᠢᠭᠤᠯᠬᠤ ᠬᠡᠯᠲᠡᠰ ᠲᠠᠯᠬᠡᠷ ᠢ ᠬᠤᠪᠢᠰᠬᠠᠯ ᠤᠨ ᠦᠷᠡᠭᠳᠡᠭᠰᠡᠨ ᠪᠠᠭᠠᠲᠤᠷ ᠢᠶᠠᠷ ᠨᠡᠬᠡᠮᠵᠢᠯᠡᠨ ᠡᠷᠭᠦᠮᠵᠢᠯᠡᠵᠡᠢ᠃  
          