ᠤᠭᠤᠴᠠ ᠶᠢᠨ ᠳᠤᠤᠷ᠎ᠠ ᠨᠢ ᠳᠠᠯᠤ᠂ ᠳᠤᠮᠳᠠ ᠴᠢᠯᠦᠭᠡ᠂ ᠱᠠᠭᠠᠨᠳᠤ᠂ ᠰᠡᠭᠦᠵᠢ᠂ ᠭᠦᠵᠦᠭᠦᠦ᠂ ᠰᠡᠭᠡᠷ᠂ ᠡᠯᠢᠭᠡ᠂ ᠵᠢᠷᠦᠭᠡ᠂ ᠪᠦᠭᠡᠷ᠎ᠡ᠂ ᠠᠭᠤᠰᠬᠢ | ᠴᠢᠳᠬᠤᠭᠰᠠᠨ ᠭᠡᠳᠡᠰᠤ ᠪᠠ ᠬᠤᠰᠬᠢᠨᠠᠭ ᠵᠡᠷᠭᠡ ᠶᠢ ᠦᠷᠦᠵᠤ᠂ ᠤᠭᠤᠴᠠ ᠪᠠᠨ ᠳᠤᠷᠤᠭᠰᠢ ᠬᠠᠷᠠᠭᠤᠯᠤᠨ ᠳᠠᠯᠪᠢᠭᠠᠳ ᠵᠠᠷᠢᠮ ᠳᠠᠭᠠᠨ ᠳᠡᠭᠡᠷ᠎ᠡ ᠨᠢ ᠬᠤᠨᠢᠨ | ᠳᠤᠯᠤᠭᠠᠢ ᠶᠢ ᠳᠠᠯᠪᠢᠵᠤ ᠰᠢᠷᠡᠭᠡᠨ ᠳᠤ ᠰᠠᠭᠤᠭᠰᠠᠨ ᠭᠤᠤᠯ ᠵᠤᠴᠢᠨ ᠠᠬᠠᠮᠠᠳ ᠨᠠᠰᠤᠳᠠᠨ ᠤ ᠦᠭᠡᠳᠡ ᠬᠠᠷᠠᠭᠤᠯᠵᠤ ᠤᠷᠤᠭᠤᠯᠤᠨ᠎ᠠ᠃ ᠭᠤᠤᠯ ᠵᠤᠴᠢᠨ ᠪᠤᠶᠤ | ᠠᠬᠠᠮᠠᠳ ᠨᠠᠰᠤᠳᠠᠨ ᠬᠢᠳᠤᠭ᠎ᠠ ᠠᠪᠴᠤ᠂ ᠬᠤᠨᠢᠨ ᠳᠤᠯᠤᠭᠠᠢ ᠶᠢᠨ ᠮᠠᠩᠨᠠᠢ ᠳᠤᠮᠳᠠ ᠰᠦᠯᠵᠢᠮᠡᠯ ᠵᠢᠷᠤᠵᠤ᠂ ᠪᠠᠷᠠᠭᠤᠨ ᠴᠢᠬᠢ ᠶᠢ ᠨᠢ ᠠᠷᠤ ᠡᠨᠢ ᠤᠷᠤᠮᠳᠠᠭᠠᠳ᠂ | ᠤᠭᠤᠴᠠ ᠤᠷᠤᠭᠤᠯᠤᠭᠰᠠᠨ ᠭᠦᠮᠦᠨ ᠳᠤ ᠳᠠᠪᠠᠭ ᠲᠠᠢ ᠳᠤᠯᠤᠭᠠᠢ ᠶᠢ ᠪᠤᠴᠠᠭᠠᠵᠤ᠂ ᠬᠤᠶᠠᠷ ᠬᠤᠨᠳᠠᠭ᠎ᠠ ᠠᠷᠢᠬᠢ ᠪᠠᠷᠢᠨ᠎ᠠ᠃ ᠳᠠᠷᠠᠭ᠎ᠠ ᠨᠢ ᠬᠤᠨᠢᠨ ᠰᠡᠭᠦᠯ ᠤᠨ | ᠦᠵᠦᠭᠦᠷ ᠢ ᠤᠭᠳᠤᠯᠤᠨ᠂ ᠤᠭᠤᠴᠠ ᠶᠢᠨ ᠮᠢᠬ᠎ᠠ ᠠᠴᠠ ᠪᠠᠰᠠ ᠭᠡᠳᠦᠨ ᠭᠡᠰᠡᠭ ᠤᠭᠳᠤᠯᠤᠨ ᠠᠪᠴᠤ ᠠᠭᠤᠯᠠ ᠤᠰᠤᠨ ᠤ ᠨᠠᠪᠳᠠᠭ ᠰᠠᠪᠳᠠᠭ ᠲᠤ ᠡᠷᠭᠦᠭᠡᠳ | ᠤᠭᠤᠴᠠ ᠬᠠᠰᠢᠨᠠ᠃ ᠤᠷᠢᠳᠡᠪᠡᠷ ᠪᠠᠷᠠᠭᠤᠨ ᠳᠠᠯ᠎ᠠ ᠪᠠᠷ ᠰᠡᠭᠦᠯ ᠠᠴᠠ ᠳᠡᠭᠡᠭᠰᠢ ᠰᠦᠪᠡᠷᠭᠡᠰᠤ ᠭᠦᠷᠳᠡᠯ᠎ᠡ ᠤᠭᠳᠤᠯᠤᠨ᠂ ᠵᠡᠭᠦᠨ ᠪᠠᠷᠠᠭᠤᠨ ᠬᠤᠶᠠᠷ ᠳᠠᠯ᠎ᠠ ᠶᠢ | ᠰᠤᠯᠢᠵᠤ ᠳᠠᠯᠪᠢᠭᠠᠳ ᠳᠤᠭᠤᠷᠢᠨ ᠰᠠᠭᠤᠭᠰᠠᠨ ᠵᠤᠴᠢᠳ ᠲᠤ ᠮᠢᠬ᠎ᠠ ᠤᠭᠳᠤᠯᠵᠤ ᠦᠭᠳᠡᠭ ᠪᠢᠯᠡ᠃ |