ᠰᠠᠨ ᠽᠦᠸᠤ ᠳ᠋ᠢᠶᠠᠨ ᠬᠦᠭᠦᠷᠭᠡ
ᠨᠡᠶᠢᠲᠡᠯᠡᠭᠰᠡᠨ ᠴᠠᠭ᠄
2024/8/28
     ᠰᠠᠨ ᠽᠦᠸᠤ ᠳ᠋ᠢᠶᠠᠨ ᠬᠦᠭᠦᠷᠭᠡ ᠰᠦᠢ ᠵᠦᠩ ᠠᠴᠠ ᠪᠢᠷᠠᠭᠤ ᠬᠦᠷᠬᠦ ᠵᠠᠰᠠᠮᠠᠯ ᠵᠠᠮ ᠤᠨ ᠬᠤᠶᠢᠲᠤ ᠬᠡᠰᠡᠭ ᠤᠨ ᠤᠯᠠᠭᠠᠨᠬᠠᠳᠠ ᠬᠤᠲᠠ ᠶᠢᠨ ᠲᠡᠭᠦᠷᠭᠡ ᠲᠣᠭᠤᠷᠢᠭ ᠲᠤ ᠪᠠᠶᠢᠷᠢᠯᠠᠵᠤ ᠪᠠᠶᠢᠳᠠᠭ᠂ ᠤᠷᠲᠤ ᠨᠢ 201 ᠮᠧᠲᠷ᠂ ᠲᠡᠭᠡᠳᠦ ᠬᠡᠰᠡᠭ ᠤᠨ ᠪᠦᠲᠦᠴᠡ ᠨᠢ ᠪᠢᠲᠡᠭᠦᠦ ᠬᠡᠯᠪᠡᠷᠢᠲᠦ ᠴᠢᠯᠠᠭᠤᠨ ᠭᠤᠯᠳᠤᠩ ᠬᠦᠭᠦᠷᠭᠡ ᠪᠠᠶᠢᠵᠤ᠂ 8 ᠭᠤᠯᠲᠣᠷᠢᠯ ᠲᠠᠢ᠂ ᠠᠯᠭᠠᠰᠠᠯ ᠨᠢ 20 ᠮᠧᠳ᠋ᠷ ᠪᠠᠶᠢᠳᠠᠭ᠃ ᠳᠣᠣᠷ᠎ᠠ ᠬᠡᠰᠡᠭ ᠨᠢ ᠬᠦᠨᠲᠦ ᠲᠠᠭᠠᠭᠠᠴᠠᠲᠤ ᠬᠡᠯᠪᠡᠷᠢ ᠶᠢᠨ ᠲᠤᠯᠭᠠᠭᠤᠷ ᠪᠣᠯᠣᠨ᠎ᠡ᠃ ᠬᠦᠭᠦᠷᠭᠡ ᠶᠢᠨ ᠳᠣᠮᠳᠠᠬᠢ ᠥᠷᠭᠡᠨ ᠨᠢ 7 ᠮᠧᠲᠷ᠂ ᠬᠤᠶᠠᠷ ᠬᠠᠵᠠᠭᠤ ᠳᠤᠨᠢ ᠲᠣᠰ ᠪᠦᠷᠢ 0.75 ᠮᠧᠲᠷ ᠤᠨ ᠶᠠᠪᠠᠭᠠᠨ ᠬᠥᠮᠥᠨ ᠶᠠᠪᠤᠬᠤ ᠵᠠᠮ ᠭᠠᠷᠭᠠᠵᠠᠢ᠃ ᠬᠦᠭᠦᠷᠭᠡ ᠲᠠᠢ ᠵᠠᠯᠭᠠᠭᠰᠠᠨ ᠵᠠᠮ ᠤᠨ ᠰᠠᠭᠤᠷᠢ ᠶᠢᠨ ᠥᠷᠭᠡᠨ ᠨᠢ 8.5 ᠮᠧᠲᠷ᠂ ᠭᠠᠳᠠᠷᠭᠤ ᠶᠢᠨ ᠥᠷᠭᠡᠨ ᠨᠢ 7 ᠮᠧᠲᠷ ᠪᠣᠢ᠃ ᠬᠦᠨᠲᠣ ᠶᠢᠨ ᠲᠠᠭᠠᠭᠠᠴᠠ ᠨᠢ ᠮᠠᠰᠢᠨ ᠲᠡᠷᠭᠡ — 15 ᠲᠣᠨ᠂ ᠴᠢᠷᠦᠭᠦᠯ ᠲᠠᠢ ᠲᠡᠷᠭᠡ — 100 ᠲᠣᠠ᠃ 1984 ᠣᠨ ᠤ 1 ᠰᠠᠷ᠎ᠠ ᠳᠤ ᠤᠯᠠᠭᠠᠨᠬᠠᠳᠠ ᠬᠤᠲᠠ ᠶᠢᠨ ᠵᠠᠰᠠᠮᠠᠯ ᠵᠠᠮ ᠵᠢᠷᠣᠭᠯᠠᠬᠤ ᠠᠩᠭᠢ ᠠᠴᠠ ᠬᠡᠮᠵᠢᠨ ᠵᠢᠷᠤᠭᠯᠠᠵᠤ᠂ ᠬᠤᠲᠠ ᠶᠢᠨ ᠵᠠᠰᠠᠮᠠᠯ ᠵᠠᠮ ᠤᠨ ᠪᠠᠷᠢᠯᠭ᠎ᠠ ᠶᠢᠨ ᠠᠩᠭᠢ ᠪᠠᠷᠢᠯᠭ᠎ᠠ ᠶᠢ ᠳᠠᠭᠠᠭᠠᠴᠢᠯᠠᠨ᠂ ᠮᠦᠨ ᠵᠢᠯ ᠤᠨ 10 ᠰᠠᠷ᠎ᠠ ᠳᠤ ᠪᠠᠷᠢᠵᠤ ᠳᠠᠭᠤᠰᠬᠠᠵᠠᠢ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ