1978 ᠣᠨ ᠠᠴᠠ ᠰᠡᠭᠦᠯᠡᠷ ᠨᠡᠶᠢᠭᠡᠮ ᠤᠨ ᠠᠵᠤ ᠠᠬᠤᠢ ᠶᠢᠨ ᠬᠦᠭᠵᠢᠯᠲᠡ ᠶᠢ ᠳᠠᠭᠠᠯᠳᠤᠨ ᠨᠣᠴᠣᠮᠠᠲᠠᠭᠠᠢ ᠲᠡᠰᠦᠷᠡᠮᠡᠲᠡᠭᠡᠢ ᠵᠡᠷᠭᠡ ᠠᠶᠤᠯᠲᠠᠢ ᠪᠣᠳᠠᠰ ᠤᠨ | ᠬᠡᠷᠡᠭᠯᠡᠭᠡᠨ ᠶᠠᠪᠤᠬᠤ ᠳᠣᠲᠤᠮ ᠥᠷᠭᠡᠳᠴᠦ᠂ ᠫᠤᠤᠵᠢᠩ ᠥᠢᠯᠡᠳᠴᠦ ᠫᠣᠣᠵᠢᠩ ᠲᠠᠯᠪᠢᠬᠤ ᠵᠢᠯ ᠳᠠᠷᠠᠭᠠᠯᠠᠨ ᠨᠡᠮᠡᠭᠳᠡᠭᠰᠡᠨ ᠠᠴᠠ ᠦᠬᠦᠵᠦ ᠰᠢᠷᠠᠭᠲᠤᠬᠤ ᠠᠳᠡᠯ ᠴᠦ | ᠦᠷᠭᠦᠯᠵᠢ ᠡᠭᠦᠰᠬᠦ ᠪᠣᠯᠵᠠᠢ᠃ 1979 ᠣᠨ ᠳᠤ ᠪᠦᠬᠦ ᠠᠶᠢᠮᠠᠭ ᠤᠨ ᠡᠷᠦᠬᠡ ᠶᠢᠨ ᠴᠡᠷᠢᠭ ᠤᠨ ᠫᠤᠤ ᠵᠡᠪᠰᠡᠭ ᠰᠣᠮᠣ ᠳᠠᠷᠢ ᠳᠤ 6 ᠤᠳᠠᠭ᠎ᠠ ᠠᠳᠡᠯ ᠭᠠᠷᠴᠦ᠂ 3 | ᠬᠥᠮᠥᠨ ᠠᠳᠡᠵᠦ᠂ 2 ᠬᠥᠮᠥᠨ ᠰᠢᠷᠠᠭᠲᠤᠵᠤ᠂ 8 ᠢᠵᠢ ᠴᠡᠷᠢᠭ ᠤᠨ ᠵᠡᠪᠰᠡᠭ ᠰᠢᠲᠠᠭᠳᠠᠨ᠂ 6 085 ᠰᠣᠮᠣ ᠬᠤᠯᠠᠭᠠᠶᠢᠯᠠᠭᠳᠠᠪᠠ᠃ | 1982 ᠣᠨ ᠤ 9 ᠰᠠᠷ᠎ᠠ ᠳᠤ ᠤᠯᠤᠰ ᠤᠨ ᠲᠣᠲᠣᠭᠠᠲᠤ ᠶᠢ ᠬᠠᠮᠠᠭᠠᠯᠠᠬᠤ ᠶᠠᠮᠣᠨ ᠠᠴᠠ ︽ᠨᠡᠶᠢᠭᠡᠮ ᠳᠡᠭᠡᠷ᠎ᠡ ᠲᠠᠷᠬᠠᠵᠤ ᠪᠦᠬᠦᠢ ᠫᠤᠤ ᠵᠡᠪᠰᠡᠭ ᠰᠤᠮᠤ ᠳᠠᠷᠢ᠂ | ᠲᠡᠰᠦᠷᠡᠬᠦ ᠪᠣᠳᠠᠰ ᠪᠣᠯᠣᠨ ᠪᠣᠰᠣᠳ ᠶᠠᠷᠭᠠᠯᠠᠬᠤ ᠪᠠᠭᠠᠵᠢ ᠶᠢ ᠲᠦᠢᠯᠪᠣᠷᠢᠲᠠᠢ ᠴᠡᠪᠡᠷᠯᠡᠨ ᠬᠤᠷᠢᠶᠠᠵᠤ ᠠᠪᠬᠤ ᠲᠤᠬᠠᠢ ᠮᠡᠳᠡᠭᠳᠡᠯ︾ ᠭᠠᠷᠭᠠᠪᠠ᠂ 1983 ᠣᠨ ᠤ 7 | ᠰᠠᠷ᠎ᠠ ᠳᠤ ᠵᠤᠤ ᠤᠳᠠ ᠠᠶᠢᠮᠠᠭ ᠤᠨ ᠵᠠᠬᠢᠷᠭ᠎ᠠ ᠠᠴᠠ ︽ᠠᠷᠠᠳ ᠤᠨ ᠳᠣᠮᠳᠠ ᠲᠠᠷᠬᠠᠵᠤ ᠪᠦᠬᠦᠢ ᠫᠤᠤ ᠵᠡᠪᠰᠡᠭ ᠰᠤᠮᠤ ᠳᠠᠷᠢ᠂ ᠲᠡᠰᠦᠷᠡᠬᠦ ᠪᠣᠳᠠᠰ ᠪᠣᠯᠣᠨ ᠪᠣᠰᠣᠳ | ᠶᠠᠷᠭᠠᠯᠠᠬᠤ ᠪᠠᠭᠠᠵᠢ ᠶᠢ ᠲᠦᠢᠯᠪᠣᠷᠢᠲᠠᠢ ᠴᠡᠪᠡᠷᠯᠡᠨ ᠬᠤᠷᠢᠶᠠᠵᠤ ᠠᠪᠬᠤ ᠲᠤᠬᠠᠢ ᠵᠠᠷᠯᠠᠯ︾ ᠢ ᠨᠡᠶᠢᠲᠡᠯᠡᠵᠦ᠂ ᠫᠤᠤ ᠵᠡᠪᠰᠡᠭ ᠰᠣᠮᠣ ᠳᠠᠷᠢ ᠪᠣᠯᠣᠨ ᠪᠣᠰᠣᠳ ᠠᠶᠤᠯᠲᠠᠢ | ᠪᠣᠳᠠᠰ ᠢ ᠬᠠᠣᠯᠢ ᠪᠤᠰᠤ ᠪᠠᠷ ᠡᠵᠡᠮᠰᠢᠵᠦ ᠪᠠᠶᠢᠭ᠎ᠠ ᠮᠥᠷᠲᠡᠭᠡᠨ ᠲᠤᠰᠢᠶᠠᠬᠤ ᠶᠢ ᠲᠡᠪᠴᠢᠭᠰᠡᠨ ᠬᠠᠣᠯᠢ ᠵᠦᠷᠢᠴᠡᠭᠰᠡᠨ ᠡᠲᠡᠭᠡᠳ ᠢ ᠬᠠᠤᠯᠢ ᠶᠤᠰᠤᠭᠠᠷ ᠶᠠᠯᠠᠯᠠᠨ | ᠰᠢᠢᠳᠬᠡᠵᠡᠢ᠃ | 1984 ᠣᠨ ᠳᠤ ︽ᠪᠦᠭᠦᠳᠡ ᠨᠠᠶᠢᠷᠠᠮᠳᠠᠬᠤ ᠳᠣᠮᠳᠠᠳᠤ ᠠᠷᠠᠳ ᠤᠯᠤᠰ ᠤᠨ ᠠᠷᠠᠳ ᠤᠨ ᠬᠡᠷᠡᠭᠯᠡᠭᠡᠨ ᠤ ᠲᠡᠰᠦᠷᠡᠬᠦ ᠪᠣᠳᠠᠰ ᠤᠨ ᠬᠠᠮᠢᠶᠠᠷᠤᠯᠲᠠ ᠶᠢᠨ ᠳᠦᠷᠢᠮ | ︾ ᠢ ᠨᠡᠶᠢᠲᠡᠯᠡᠭᠰᠡᠨ ᠠᠴᠠ ᠰᠡᠭᠦᠯᠡᠷ ᠲᠤᠰ ᠬᠤᠲᠠ ᠨᠢ ᠲᠡᠰᠦᠷᠡᠬᠦ ᠪᠣᠲᠠᠰ ᠢ ᠦᠢᠯᠡᠳᠪᠦᠷᠢᠯᠡᠬᠦ᠂ ᠬᠠᠳᠠᠭᠠᠯᠠᠵᠤ ᠵᠦᠭᠡᠭᠡᠪᠦᠷᠢᠯᠡᠬᠦ᠂ ᠬᠤᠳᠠᠯᠳᠤᠭᠠᠯᠠᠬᠤ ᠪᠠ | ᠬᠡᠷᠡᠭᠯᠡᠬᠦ ᠳᠤ ᠴᠢᠩᠭ᠎ᠠ ᠬᠠᠮᠢᠶᠠᠷᠤᠯᠲᠠ ᠶᠠᠪᠤᠭᠤᠯᠵᠤ᠂ ᠠᠷᠠᠳ ᠤᠨ ᠳᠣᠮᠳᠠ ᠲᠠᠷᠬᠠᠵᠤ ᠪᠦᠬᠦᠢ ᠫᠤᠤ ᠵᠡᠪᠰᠡᠭ ᠰᠤᠮᠤ ᠳᠠᠷᠢ᠂ ᠲᠡᠰᠦᠷᠡᠬᠦ ᠪᠣᠳᠠᠰ ᠪᠣᠯᠣᠨ ᠪᠣᠰᠣᠳ | ᠶᠠᠷᠭᠠᠯᠠᠬᠤ ᠪᠠᠭᠠᠵᠢ ᠶᠢ ᠴᠡᠪᠡᠷᠯᠡᠨ ᠬᠤᠷᠢᠶᠠᠮᠵᠢᠯᠠᠪᠠ᠃ ︽ᠲᠡᠰᠦᠷᠡᠬᠦ ᠪᠣᠳᠠᠰ ᠢ ᠠᠮᠤᠷ ᠲᠦᠪᠰᠢᠨ ᠦᠢᠯᠡᠳᠪᠦᠷᠢᠯᠡᠬᠦ ᠵᠥᠪᠰᠢᠶᠡᠷᠡᠯ ᠤᠨ ᠦᠨᠡᠮᠯᠡᠯ︾᠂ ︽ᠲᠡᠰᠦᠷᠡᠬᠦ | ᠪᠣᠳᠠᠰ ᠢ ᠬᠤᠳᠠᠯᠳᠤᠬᠤ ᠵᠥᠪᠰᠢᠶᠡᠷᠡᠯ ᠤᠨ ᠦᠨᠡᠮᠯᠡᠯ︾᠂ ︽ᠳᠡᠯᠪᠡᠴᠡᠭᠴᠢ ᠶᠢᠨ ᠵᠦᠪᠰᠢᠶᠡᠷᠡᠯ ᠤᠨ ᠦᠨᠡᠮᠯᠡᠯ︾ ᠵᠡᠷᠭᠡ ᠳᠦᠷᠢᠮ ᠢ ᠲᠣᠭᠲᠠᠭᠠᠵᠤ᠂ ᠠᠶᠤᠯᠲᠠᠢ | ᠪᠣᠳᠠᠰ ᠢ ᠠᠭᠠᠵᠢᠮ ᠢᠶᠠᠷ ᠬᠠᠤᠯᠢ ᠶᠣᠰᠤᠭᠠᠷ ᠬᠢᠨᠠᠯᠲᠠ ᠲᠠᠯᠪᠢᠨ ᠬᠠᠮᠢᠶᠠᠷᠬᠤ ᠵᠠᠮ ᠳᠤ ᠣᠷᠣᠭᠤᠯᠪᠠ᠃ | 1985 ᠣᠨ ᠳᠤ ᠬᠡᠰᠢᠭᠲᠡᠨ ᠬᠤᠰᠢᠭᠤᠨ ᠤ ᠸᠠᠨ ᠡᠾᠧ ᠶᠦᠩ ᠵᠡᠯ᠎ᠡ ᠫᠤᠤᠵᠢᠩ ᠤᠨ ᠦᠢᠯᠡᠳᠪᠦᠷᠢ᠂ ᠠᠷᠤ ᠬᠤᠷᠴᠢᠨ ᠬᠤᠰᠢᠭᠤᠨ ᠤ ᠱᠤᠸᠠᠩ ᠱᠧᠩ | ᠪᠠᠯᠭᠠᠰᠣᠨ ᠤ ᠬᠤᠸᠠᠷ ᠫᠣᠣᠵᠢᠩ ᠤᠨ ᠥᠢᠯᠡᠳᠪᠦᠷᠢ᠂ ᠪᠠᠭᠠᠷᠢᠨ ᠵᠡᠭᠦᠨ ᠬᠤᠰᠢᠭᠤᠨ ᠤ ᠭᠦ᠋ ᠴᠧᠩ ᠬᠤᠸᠠᠷ ᠫᠤᠤᠵᠢᠩ ᠤᠨ ᠦᠢᠯᠡᠳᠪᠦᠷᠢ ᠨᠢ ᠠᠵᠢᠯᠯᠠᠬᠤ ᠵᠢᠷᠤᠮ ᠢ | ᠵᠦᠷᠢᠴᠡᠭᠰᠡᠨ ᠠᠴᠠ ᠳᠡᠯᠪᠡᠷᠡᠯᠲᠡ ᠶᠢᠨ ᠠᠳᠡᠯ ᠵᠠᠯᠭᠠᠭ᠎ᠠ ᠪᠠᠷ ᠡᠭᠦᠰᠴᠦ᠂ 6 ᠬᠦᠮᠦᠨ ᠠᠳᠡᠵᠦ᠂ 26 ᠬᠥᠮᠥᠨ ᠰᠢᠷᠠᠭᠲᠤᠪᠠ᠃ ᠤᠯᠠᠭᠠᠨᠬᠠᠳᠠ ᠬᠤᠲᠠ ᠶᠢᠨ | ᠠᠷᠠᠳ ᠤᠨ ᠵᠠᠰᠠᠭ ᠤᠨ ᠣᠷᠳᠤᠨ ᠮᠡᠳᠡᠭᠳᠡᠯ ᠪᠠᠭᠤᠯᠭᠠᠵᠤ᠂ ᠠᠵᠢᠯ ᠵᠣᠭᠰᠣᠨ ᠴᠡᠭᠴᠡᠯᠡᠯᠲᠡ ᠬᠢᠯᠭᠡᠵᠦ᠂ ᠠᠮᠤᠷ ᠲᠦᠪᠰᠢᠨ ᠦᠢᠯᠡᠳᠪᠦᠷᠢᠯᠡᠬᠦ ᠶᠢ ᠬᠠᠶᠢᠬᠤᠷᠳᠠᠭ | ᠦᠭᠡᠢ ᠲᠤᠬᠠᠢ ᠶᠢᠨ ᠬᠥᠮᠥᠨ ᠪᠣᠯᠣᠨ ᠬᠠᠮᠢᠶ᠎ᠠ ᠪᠦᠬᠦᠢ ᠪᠠᠶᠢᠭᠤᠯᠭ᠎ᠠ ᠨᠢᠭᠡᠴᠢ ᠶᠢᠨ ᠬᠠᠷᠢᠭᠤᠴᠠᠯᠭᠠᠲᠠᠨ ᠠᠴᠠ ᠬᠠᠣᠯᠢ ᠶᠣᠰᠤᠭᠠᠷ ᠬᠠᠷᠢᠭᠤᠴᠠᠯᠭ᠎ᠠ ᠨᠡᠬᠡᠮᠵᠢᠯᠡᠪᠡ᠃ | 1990 ᠣᠨ ᠠᠴᠠ ᠰᠡᠭᠦᠯᠡᠷ ᠲᠣᠰ ᠬᠤᠲᠠ ᠶᠢᠨ ᠲᠣᠲᠣᠭᠠᠲᠤ ᠶᠢ ᠬᠠᠮᠠᠭᠠᠯᠠᠬᠤ ᠪᠠᠶᠢᠭᠤᠯᠭ᠎ᠠ ᠨᠢ ᠲᠡᠰᠦᠷᠡᠬᠦ ᠪᠣᠳᠠᠰ ᠢ ᠪᠦᠬᠦ ᠲᠠᠯ᠎ᠠ ᠪᠠᠷ ᠴᠡᠪᠡᠷᠯᠡᠵᠦ᠂ | ᠤᠯᠤᠰ ᠤᠨ ᠠᠵᠢᠯᠲᠠᠨ ᠳᠤ ᠲᠠᠷᠬᠠᠭᠠᠭᠰᠠᠨ ᠫᠤᠤ ᠵᠡᠪᠰᠡᠭ ᠢ ᠴᠢᠩᠭ᠎ᠠ ᠬᠢᠨᠠᠨ ᠪᠠᠶᠢᠴᠠᠭᠠᠵᠤ᠂ ᠳᠠᠬᠢᠨ ᠲᠠᠩᠰᠠᠯᠠᠨ ᠬᠢᠨᠠᠵᠤ ᠲᠡᠮᠳᠡᠭ ᠣᠯᠭᠤᠪᠠ᠃ ᠪᠦᠬᠦ ᠬᠤᠲᠠ ᠶᠢᠨ | ᠲᠡᠰᠦᠷᠡᠬᠦ ᠪᠤᠳᠠᠰ ᠬᠠᠳᠠᠭᠠᠯᠠᠵᠤ᠂ ᠬᠤᠳᠠᠯᠳᠤᠵᠤ᠂ ᠬᠡᠷᠡᠭᠯᠡᠳᠡᠭ 172 ᠪᠠᠶᠢᠭᠤᠯᠭ᠎ᠠ ᠨᠢᠭᠡᠴᠢ ᠳᠤ ᠠᠮᠤᠷ ᠲᠦᠪᠰᠢᠨ ᠤ ᠪᠠᠶᠢᠴᠠᠭᠠᠯᠲᠠ ᠬᠢᠵᠦ᠂ ᠬᠠᠮᠢᠶᠠᠷᠤᠯᠲᠠ ᠶᠢᠨ | ᠳᠦᠷᠢᠮ ᠢ ᠲᠡᠭᠦᠯᠳᠡᠷᠵᠢᠭᠦᠯᠪᠡ᠃ ᠬᠤᠸᠠᠷ ᠫᠣᠣᠵᠢᠩ ᠬᠢᠳᠡᠭ 12 ᠦᠢᠯᠡᠳᠪᠦᠷᠢ ᠶᠢ ᠴᠡᠭᠴᠡᠯᠡᠵᠦ᠂ 4 ᠦᠢᠯᠡᠳᠪᠦᠷᠢ ᠶᠢ ᠬᠠᠤᠯᠢ ᠶᠣᠰᠣᠭᠠᠷ ᠵᠣᠭᠰᠤᠭᠠᠪᠠ᠃ | | | |