ᠡᠦ ᠹᠧᠨ ᠳ᠋ᠢ ᠬᠦᠭᠦᠷᠭᠡ ᠤᠯᠤᠰ ᠤᠨ ᠵᠠᠮ ᠤᠨ ᠵᠣᠸᠠᠩ ᠡᠾᠤ ᠠᠴᠠ ᠯᠢᠨᠰᠢ ᠬᠦᠷᠬᠦ ᠵᠠᠰᠠᠮᠠᠯ ᠵᠠᠮ ᠤᠨ ᠬᠤᠶᠢᠲᠤ ᠬᠡᠰᠡᠭ ᠤᠨ ᠤᠩᠨᠢᠭᠤᠳ ᠬᠤᠰᠢᠭᠤᠨ ᠤ ᠡᠦ | ᠹᠧᠨ ᠳ᠋ᠢ ᠪᠠᠯᠭᠠᠰᠤᠨ ᠤ ᠡᠮᠦᠨ᠎ᠡ ᠪᠠᠶᠢᠷᠢᠯᠠᠵᠤ ᠪᠠᠶᠢᠳᠠᠭ᠂ ᠪᠠᠭᠠᠷᠢᠨ ᠬᠦᠭᠦᠷᠭᠡ ᠠᠴᠠ ᠪᠠᠷᠤᠭ 10 ᠺᠢᠯᠣᠮᠧᠲᠷ ᠵᠠᠶᠢᠲᠠᠢ ᠪᠠᠶᠢᠳᠠᠭ᠃ ᠬᠦᠭᠦᠷᠭᠡ ᠨᠢ ᠡᠦ ᠹᠧᠨ | ᠳ᠋ᠢ ᠶᠢᠨ ᠬᠠᠭᠤᠷᠠᠢ ᠭᠤᠤ ᠶᠢ ᠰᠤᠨᠳᠠᠯᠠᠵᠤ᠂ ᠪᠦᠬᠦ ᠤᠷᠲᠤ ᠨᠢ 32.5 ᠮᠧᠲᠷ ᠪᠣᠢ᠃ ᠲᠡᠭᠡᠷ᠎ᠡ ᠬᠡᠰᠡᠭ ᠨᠢ 110 ᠨᠣᠮᠧᠷ ᠤᠨ ᠬᠥᠬᠡ ᠲᠣᠭᠤᠰᠬ᠎ᠠ ᠶᠢ ᠴᠠᠷᠳᠠᠵᠤ | ᠵᠡᠷᠭᠡᠯᠡᠭᠰᠡᠨ ᠲᠡᠩᠴᠡᠬᠦᠦ ᠣᠭᠲᠤᠯᠤᠭᠠᠰᠤ ᠪᠦᠬᠦᠢ ᠪᠢᠲᠡᠭᠦᠦ ᠬᠡᠯᠪᠡᠷᠢ ᠲᠠᠢ ᠲᠤᠭᠤᠷᠢᠭ ᠨᠣᠮᠣᠨ ᠭᠤᠯᠲᠣᠩ ᠪᠠᠶᠢᠵᠤ᠂ ᠭᠤᠯᠲᠣᠩ ᠴᠠᠭᠠᠷᠢᠭ ᠤᠨ ᠵᠤᠵᠠᠭᠠᠨ ᠨᠢ 50 | ᠮᠢᠯᠢᠮᠧᠳ᠋ᠷ᠂ ᠨᠤᠮᠤᠯᠵᠢᠨ ᠤ ᠬᠡᠮᠵᠢᠶ᠎ᠡ ᠨᠢ 1/4 ᠪᠠᠶᠢᠳᠠᠭ᠃ ᠬᠦᠭᠦᠷᠭᠡ ᠶᠢᠨ ᠥᠨᠳᠦᠷ ᠨᠢ 6 ᠮᠧᠳ᠋ᠷ᠂ 2 ᠭᠤᠯᠲᠣᠷᠢᠯ ᠲᠠᠢ᠂ ᠴᠡᠪᠡᠷ ᠠᠯᠭᠠᠰᠠᠯ ᠨᠢ 10 ᠮᠧᠲᠷ | ᠪᠠᠶᠢᠳᠠᠭ᠃ ᠳᠣᠣᠷ᠎ᠠ ᠬᠡᠰᠡᠭ ᠨᠢ ᠴᠢᠯᠠᠭᠤ ᠪᠠᠷ ᠵᠡᠷᠭᠡᠯᠡᠭᠰᠡᠨ ᠬᠦᠨᠲᠦ ᠲᠠᠭᠠᠭᠠᠴᠠᠲᠤ ᠬᠡᠯᠪᠡᠷᠢ ᠶᠢᠨ ᠲᠤᠯᠭᠠᠭᠤᠷ ᠪᠣᠯᠣᠨ᠎ᠡ᠃ ᠬᠦᠨᠲᠣ ᠶᠢᠨ ᠲᠠᠭᠠᠭᠠᠴᠠ ᠨᠢ ᠮᠠᠰᠢᠨ | ᠲᠡᠷᠭᠡ — 8 ᠲᠣᠨ᠂ ᠴᠢᠷᠦᠭᠦᠯ ᠲᠠᠢ ᠲᠡᠷᠭᠡ — 30 ᠲᠣᠨ᠂ ᠬᠦᠭᠦᠷᠭᠡ ᠶᠢᠨ ᠭᠠᠳᠠᠷᠭᠤ ᠶᠢᠨ ᠥᠷᠭᠡᠨ ᠨᠢ 7.5 ᠮᠧᠲᠷ ᠪᠣᠢ᠃ ᠲᠣᠰ ᠬᠦᠭᠦᠷᠭᠡ ᠶᠢ ᠵᠤᠤ | ᠤᠳᠠ ᠠᠶᠢᠮᠠᠭ ᠤᠨ ᠵᠠᠰᠠᠮᠠᠯ ᠵᠠᠮ ᠵᠢᠷᠤᠭᠯᠠᠨ ᠪᠠᠶᠢᠭᠤᠯᠬᠤ ᠠᠩᠭᠢ ᠬᠡᠮᠵᠢᠨ ᠵᠢᠷᠤᠭᠯᠠᠬᠤ ᠶᠢᠨ ᠬᠠᠮᠲᠤ ᠪᠠᠷᠢᠯᠭ᠎ᠠ ᠶᠢ ᠳᠠᠭᠠᠭᠠᠴᠢᠯᠠᠵᠤ᠂ 1959 ᠣᠨ ᠳᠤ | ᠪᠠᠶᠢᠭᠤᠯᠵᠤ ᠳᠠᠭᠤᠰᠬᠠᠪᠠ᠃ ᠣᠳᠣᠬᠠᠨ ᠳᠤ ᠲᠤᠰ ᠬᠦᠭᠦᠷᠭᠡ ᠶᠢᠨ ᠳᠡᠭᠡᠷ᠎ᠡ ᠪᠡᠶ᠎ᠡ ᠶᠢᠨ ᠲᠣᠭᠤᠰᠬ᠎ᠠ ᠵᠡᠷᠭᠡᠯᠡᠭᠰᠡᠨ ᠬᠡᠰᠡᠭ ᠨᠢ ᠰᠠᠯᠬᠢᠨ ᠪᠣᠷᠣᠭᠠᠨ ᠳᠤ ᠰᠦᠷᠡᠬᠡᠢ | ᠢᠳᠡᠭᠳᠡᠵᠦ᠂ ᠠᠶᠤᠯ ᠲᠠᠢ ᠬᠦᠭᠦᠷᠭᠡ ᠪᠣᠯᠣᠭᠠᠳ᠂ ᠥᠭᠡᠷᠡᠴᠢᠯᠡᠨ ᠵᠠᠰᠠᠬᠤ ᠴᠢᠬᠤᠯᠠᠲᠠᠢ ᠪᠣᠯᠵᠠᠢ᠃ | |